ᠵᠤᠬᠢᠶᠠᠭᠴᠢ:
ᠴᠠᠭ:2020-06-19
ᠥᠵᠡᠭᠰᠡᠨ : ℃
ᠢᠷᠡᠯᠲᠡ:
ᠪᠦᠬᠦ ᠣᠷᠣᠨ ᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠶᠢ ᠠᠬᠢᠭᠤᠯᠬᠤ ᠠᠵᠢᠯ ᠤᠨ ᠲᠤᠬᠠᠶ ᠶᠢᠨ ᠭᠠᠵᠠᠷ ᠤᠨ ᠬᠤᠷᠠᠯ ᠲᠦᠩᠯᠢᠶᠣᠤ ᠬᠤᠲᠠ ᠳᠤ ᠬᠤᠷᠠᠯᠳᠤᠵᠠᠢ ᠪᠦ᠋ ᠰᠢᠶᠤᠤ ᠯᠢᠨ ᠲᠣᠭᠤᠷᠢᠨ ᠦᠵᠡᠪᠠ
2020 6 ᠰᠠᠷ᠎ᠠ ᠶᠢᠨ 16 ᠤ ᠡᠳᠦᠷ᠂ ᠥᠪᠡᠷᠲᠡᠭᠡᠨ ᠵᠠᠰᠠᠬᠤ ᠣᠷᠣᠨ ᠤ ᠮᠠᠯ ᠠᠵᠤ ᠠᠬᠤᠶ ᠲᠠᠷᠢᠶᠠᠯᠠᠩ ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ ᠤ ᠠᠵᠢᠯ ᠤᠨ ᠤᠳᠤᠷᠢᠳᠬᠤ ᠳᠤᠭᠤᠶᠢᠯᠠᠩ ᠲᠦᠩᠯᠢᠶᠣᠤ ᠬᠤᠲᠠ ᠳᠤ ᠪᠦᠬᠦ ᠣᠷᠣᠨ ᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠠᠵᠢᠯ ᠤᠨ ᠲᠤᠬᠠᠶ ᠶᠢᠨ ᠭᠠᠵᠠᠷ ᠤᠨ ᠬᠤᠷᠠᠯ ᠬᠤᠷᠠᠯᠳᠤᠭᠤᠯᠵᠤ᠂ ᠲᠤᠷᠰᠢᠯᠭ᠎ᠠ ᠪᠠᠨ ᠰᠣᠯᠢᠯᠴᠠᠨ᠂ ᠨᠡᠶᠢᠲᠡᠯᠢᠭ ᠵᠢᠱᠢᠶ᠎ᠡ ᠶᠢ ᠳᠡᠯᠭᠡᠷᠡᠭᠦᠯᠵᠦ᠂ ᠲᠠᠷᠠᠭᠠᠴᠢ ᠶᠢᠨ ᠠᠵᠢᠯ ᠢᠶᠠᠨ ᠲᠤᠬᠢᠷᠠᠭᠤᠯᠤᠨ ᠪᠠᠶᠢᠷᠢᠯᠠᠭᠤᠯᠵᠠᠢ᠃
ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠪᠦ᠋ ᠰᠢᠶᠤᠤ ᠯᠢᠨ᠂ ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠯᠢ ᠪᠢᠩ ᠷᠦᠩ ᠲᠤᠬᠠᠢ ᠶᠢᠨ ᠭᠠᠵᠠᠷ ᠲᠤ ᠬᠤᠷᠠᠯ ᠳᠤ ᠣᠷᠤᠯᠴᠠᠨ ᠲᠣᠭᠤᠷᠢᠨ ᠦᠵᠡᠪᠠ᠃
ᠪᠦ᠋ ᠰᠢᠶᠤᠤ ᠯᠢᠨ ᠲᠥᠷᠥᠯ ᠵᠦᠢᠯ ᠤᠨ ᠲᠠᠨᠢᠯᠴᠠᠭᠤᠯᠭ᠎ᠠ ᠶᠢ ᠨᠠᠷᠢᠨ ᠬᠢᠨᠠᠮᠠᠭᠠᠶ ᠰᠣᠨᠣᠰᠤᠭᠰᠠᠨ ᠪᠥᠭᠡᠳ ᠬᠠᠮᠢᠶ᠎ᠠ ᠪᠥᠬᠦᠶ ᠠᠰᠠᠭᠤᠳᠠᠯ ᠤᠨ ᠲᠤᠬᠠᠶ ᠣᠯᠠᠨ ᠲᠠᠢ ᠰᠠᠨᠠᠯ ᠢᠶᠠᠨ ᠰᠣᠯᠢᠯᠴᠠᠪᠠ᠃ ᠲᠡᠷᠡ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ ᠶᠡᠭᠡ ᠪᠠᠷ ᠪᠦᠲᠦᠭᠡᠨ ᠪᠠᠶᠢᠭᠤᠯᠬᠤ ᠨᠢ ᠤᠰᠤᠨ ᠤ ᠡᠬᠢ ᠪᠠᠶᠠᠯᠢᠭ ᠢᠶᠠᠷ ᠳᠤᠲᠠᠭᠳᠠᠬᠤ ᠪᠠ ᠲᠠᠷᠢᠶᠠᠯᠠᠩ ᠳᠤ ᠬᠡᠷᠡᠭᠯᠡᠬᠦ ᠤᠰᠤᠨ ᠤ ᠵᠥᠷᠢᠴᠡᠯ ᠢ ᠦᠨᠳᠦᠰᠦᠨ ᠠᠴᠠ ᠨᠢ ᠰᠢᠢᠳᠪᠦᠷᠢᠯᠡᠵᠦ ᠴᠢᠳᠠᠬᠤ ᠪᠠᠷ ᠪᠠᠷᠠᠬᠤ ᠦᠭᠡᠶ ᠪᠠᠰᠠ ᠲᠠᠷᠢᠶᠠᠯᠠᠩ ᠤᠨ ᠦᠢᠯᠡᠳᠪᠦᠷᠢᠯᠡᠯ ᠤᠨ ᠬᠡᠪᠴᠢᠶᠡᠵᠢᠯᠲᠡ᠂ ᠪᠠᠷᠢᠮᠵᠢᠶᠠᠵᠢᠯᠲᠠ ᠪᠠ ᠤᠶᠤᠨᠴᠢᠯᠠᠯᠲᠠ ᠶᠢ ᠪᠡᠶᠡᠯᠡᠭᠦᠯᠵᠦ᠂ ᠲᠠᠷᠢᠶᠠᠯᠠᠩ ᠤᠨ ᠮᠦ ᠨᠢᠭᠡᠴᠢ ᠶᠢᠨ ᠤᠨᠠᠯᠲᠠ ᠦᠷ᠎ᠡ ᠠᠰᠢᠭ ᠢ ᠳᠡᠭᠡᠭᠰᠢᠯᠡᠭᠦᠯᠤᠨ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠵᠥ ᠴᠢᠳᠠᠨ᠎ᠠ᠃ ᠡᠯ᠎ᠡ ᠭᠠᠵᠠᠷ ᠤᠨ ᠬᠢᠨ ᠰᠠᠨᠠᠭᠠᠴᠢᠯᠠᠭ᠎ᠠ ᠲᠠᠢ ᠪᠠᠷ ᠠᠵᠢᠯ ᠢᠶᠠᠨ ᠥᠷᠨᠢᠭᠦᠯᠵᠦ᠂ ᠲᠥᠷᠥᠯ ᠵᠦᠢᠯ ᠤᠨ ᠠᠬᠢᠴᠠ ᠶᠢ ᠲᠦᠷᠭᠡᠳᠬᠡᠨ᠂ ᠬᠡᠳᠦᠨ ᠵᠢᠯ ᠤᠨ ᠬᠤᠭᠤᠴᠠᠭ᠎ᠠ ᠪᠠᠷ ᠳᠠᠮᠵᠢᠨ ᠨᠥᠬᠦᠴᠡᠯ ᠳᠤ ᠨᠡᠶᠢᠴᠡᠬᠦ ᠲᠠᠷᠢᠶᠠᠨ ᠭᠠᠵᠠᠷ ᠢ ᠪᠦᠬᠦᠨ ᠢ ᠥᠭᠡᠷᠡᠴᠢᠯᠡᠵᠦ ᠳᠠᠭᠤᠰᠬᠠᠬᠤ ᠪᠠᠷ ᠴᠢᠷᠮᠠᠶᠢᠵᠤ᠂ ᠪᠦᠬᠦ ᠣᠷᠣᠨ ᠤ ᠲᠠᠷᠢᠶᠠᠯᠠᠩ ᠤᠨ ᠦᠢᠯᠡᠳᠪᠦᠷᠢᠯᠡᠯ ᠤᠨ ᠠᠷᠭ᠎ᠠ ᠬᠡᠯᠪᠡᠷᠢ ᠪᠣᠯᠤᠨ ᠦᠷ᠎ᠡ ᠠᠰᠢᠭ ᠤᠨ ᠲᠡᠤᠬᠡᠲᠦ ᠴᠢᠨᠠᠷᠲᠠᠶ ᠰᠢᠪᠲᠤᠯᠤᠯᠲᠠ ᠶᠢ ᠪᠡᠶᠡᠯᠡᠭᠦᠯᠬᠦ ᠬᠡᠷᠡᠭᠲᠡᠶ᠃ ᠬᠠᠮᠢᠶ᠎ᠠ ᠪᠦᠬᠦᠢ ᠠᠶᠢᠮᠠᠭ ᠬᠤᠲᠠ᠂ ᠬᠤᠰᠢᠭᠤ ᠰᠢᠶᠠᠨ ᠤ ᠬᠢᠨ ᠬᠤᠵᠢᠷᠯᠢᠭ ᠭᠠᠵᠠᠷ ᠢ ᠰᠠᠶᠢᠵᠢᠷᠠᠭᠤᠯᠬᠤ ᠪᠠ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠨᠢᠭᠡ ᠴᠣᠭᠴᠠᠵᠢᠭᠤᠯᠤᠨ ᠲᠥᠯᠥᠪᠵᠢᠭᠦᠯᠵᠦ᠂ ᠨᠢᠭᠡ ᠴᠣᠭᠴᠠᠵᠢᠭᠤᠯᠤᠨ ᠠᠬᠢᠭᠤᠯᠬᠤ ᠬᠡᠷᠡᠭᠲᠡᠶ ᠬᠡᠵᠥ ᠵᠢᠭᠠᠵᠥ ᠭᠠᠷᠭᠠᠪᠠ᠃
ᠬᠤᠷᠠᠯ ᠳᠤ ᠤᠷᠤᠯᠴᠠᠭᠰᠠᠳ ᠲᠦᠪᠯᠡᠷᠡᠨ ᠵᠠᠯᠭᠠᠯᠳᠤᠭᠰᠠᠨ ᠦᠨᠳᠦᠷ ᠪᠦᠲᠦᠮᠵᠢᠳᠤ ᠠᠷᠪᠢᠳᠠᠢ ᠤᠰᠤᠯᠠᠯᠳᠠ ᠶᠢᠨ ᠦᠨᠳᠦᠷ ᠪᠠᠷᠢᠮᠵᠢᠶᠠᠳᠤ ᠲᠠᠷᠢᠶᠠᠨ ᠭᠠᠵᠠᠷ ᠪᠤᠯᠬᠤ ᠺᠠᠶᠢᠯᠦ ᠰᠢᠶᠠᠨ ᠤ 50 ᠲᠦᠮᠡᠨ ᠮᠦ ᠪᠦᠬᠦᠢ ᠶᠦᠩ ᠾᠧ ᠲᠤᠰᠬᠤᠨ ᠤ ᠲᠦᠷᠦᠯ ᠵᠦᠢᠯ ᠤᠨ ᠲᠤᠭᠤᠷᠢᠭ ᠪᠤᠯᠤᠨ ᠮᠢᠨ ᠵᠦ ᠲᠤᠰᠬᠤᠨ ᠤ ᠲᠦᠷᠦᠯ ᠵᠦᠢᠯ ᠤᠨ ᠲᠤᠭᠤᠷᠢᠭ᠂ ᠬᠤᠷᠴᠢᠨ ᠲᠤᠭᠤᠷᠢᠭ ᠤᠨ 20 ᠲᠦᠮᠡᠨ ᠮᠦ ᠪᠦᠬᠦᠢ ᠽᠸᠤ ᠵᠢᠶᠠ ᠵᠢᠶᠧ ᠲᠤᠰᠬᠤᠨ ᠤ ᠲᠦᠷᠦᠯ ᠵᠦᠢᠯ ᠤᠨ ᠲᠤᠭᠤᠷᠢᠭ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ 40 ᠲᠦᠮᠡᠨ ᠮᠦ ᠪᠦᠬᠦᠢ ᠴᠢᠯᠠᠭᠤᠬᠤᠪᠤᠭᠠ ᠭᠠᠴᠠᠭᠠᠨ ᠤ ᠲᠦᠷᠦᠯ ᠵᠦᠢᠯ ᠤᠨ ᠲᠤᠭᠤᠷᠢᠭ᠂ ᠺᠠᠶᠢᠯᠦ ᠰᠢᠶᠠᠨ ᠤ ᠲᠠᠷᠢᠶᠠᠯᠠᠩ ᠳᠤ ᠬᠡᠷᠡᠭᠯᠡᠬᠦ ᠤᠰᠤᠨ ᠤ ᠦᠨ᠎ᠠ ᠬᠠᠩᠰᠢ ᠶᠢ ᠶᠡᠷᠦᠩᠬᠡᠶᠢᠯᠡᠨ ᠦᠭᠡᠷᠡᠴᠢᠯᠡᠬᠦ ᠲᠦᠪ᠂ ᠤᠯᠠᠭᠠᠨ ᠯᠠᠵᠤᠤ ᠶᠢᠨ ᠦᠵᠡᠭᠦᠯᠭᠡ ᠶᠢᠨ ᠤᠷᠳᠤᠨ᠂ ᠨᠢᠰᠭᠡᠯ ᠤᠨ ᠪᠠᠭᠤᠳᠠᠯ ᠲᠤᠰᠬᠤᠨ ᠤ ᠬᠤᠭ ᠨᠤᠪᠰᠢ ᠶᠢ ᠰᠢᠢᠳᠪᠦᠷᠢᠯᠡᠵᠤ ᠪᠠᠶᠢᠭ᠎ᠠ ᠪᠠᠶᠢᠳᠠᠯ ᠪᠤᠯᠤᠨ ᠮᠠᠯᠵᠢᠬᠤ ᠲᠠᠷᠢᠶᠠᠯᠠᠬᠤ ᠡᠷᠦᠬᠡ ᠶᠢᠨ ᠵᠤᠷᠯᠤᠩ ᠢ ᠵᠠᠰᠠᠨ ᠰᠢᠨᠡᠳᠭᠡᠬᠦ ᠲᠦᠷᠦᠯ ᠵᠦᠢᠯ ᠢ ᠲᠤᠭᠤᠷᠢᠨ ᠦᠵᠡᠪᠡ᠃ ᠤᠯᠠᠨ ᠢᠶᠠᠷ ᠢᠶᠠᠨ ᠲᠠᠨᠢᠯᠴᠠᠭᠤᠯᠭ᠎ᠠ ᠶᠢ ᠨᠠᠷᠢᠨ ᠬᠢᠨᠠᠮᠠᠭᠠᠢ ᠰᠤᠨᠤᠰᠴᠤ᠂ ᠲᠦᠷᠦᠯ ᠵᠦᠢᠯ ᠢ ᠬᠡᠷᠡᠭᠵᠢᠭᠦᠯᠦᠭᠰᠡᠨ ᠦᠷ᠎ᠠ ᠪᠦᠲᠦᠮᠵᠢ ᠶᠢ ᠲᠤᠬᠠᠢ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠵᠤ᠂ ᠠᠵᠢᠯ ᠤᠨ ᠠᠬᠢᠴᠠ ᠶᠢ ᠨᠠᠷᠢᠨ ᠨᠢᠮᠪᠠᠢ ᠤᠢᠢᠯᠠᠭᠠᠨ᠂ ᠤᠯᠤᠯᠳᠠ ᠲᠦᠷᠦᠭᠳᠡᠯ ᠢᠶᠠᠨ ᠰᠤᠯᠢᠯᠴᠠᠭᠰᠠᠨ ᠪᠠᠶᠢᠨ᠎ᠠ᠃
ᠲᠤᠭᠤᠷᠢᠨ ᠦᠵᠡᠵᠤ ᠪᠠᠷᠠᠬᠰᠠᠨ ᠤ ᠳᠠᠷᠠᠭ᠎ᠠ ᠬᠤᠷᠠᠯ ᠬᠢᠵᠤ᠂ ᠪᠦᠬᠦ ᠤᠷᠤᠨ ᠤ ᠦᠨᠳᠦᠷ ᠪᠠᠷᠢᠮᠵᠢᠶᠠᠳᠦ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠳᠠ ᠪᠤᠯᠤᠨ ᠮᠠᠯᠵᠢᠬᠤ ᠲᠠᠷᠢᠶᠠᠯᠠᠬᠤ ᠤᠷᠤᠨ ᠤ ᠤᠷᠤᠰᠢᠨ ᠰᠠᠭᠤᠷᠢᠰᠢᠬᠤ ᠤᠷᠴᠢᠨ ᠲᠤᠭᠤᠷᠢᠨ ᠢ ᠴᠡᠭᠴᠡᠯᠡᠨ ᠵᠠᠰᠠᠬᠤ ᠠᠵᠢᠯ ᠢ ᠲᠤᠬᠢᠷᠠᠭᠤᠯᠤᠨ ᠪᠠᠶᠢᠷᠢᠯᠠᠭᠤᠯᠪᠠ᠃
ᠤᠢᠢᠯᠠᠭᠠᠭᠰᠠᠨ ᠢᠶᠠᠷ᠂ ᠤᠯᠤᠰ ᠤᠨ ᠳᠡᠮᠵᠢᠯᠭᠡ ᠲᠤᠤᠷ᠎ᠠ ᠮᠠᠨ ᠤ ᠤᠷᠤᠨ ᠦᠨᠳᠦᠷ ᠪᠠᠷᠢᠮᠵᠢᠶᠠᠳᠦ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠳᠠ ᠶᠢ ᠶᠡᠭᠡ ᠪᠠᠷ ᠠᠬᠢᠭᠤᠯᠵᠤ᠂ 2019 ᠣᠨ ᠤ ᠰᠡᠭᠦᠯᠴᠢ ᠪᠤᠯᠳᠠᠯ᠎ᠠ ᠨᠢᠭᠡᠨᠳᠡ 4200 ᠭᠠᠷᠤᠢ ᠲᠦᠮᠡᠨ ᠮᠦ ᠶᠢᠨ ᠦᠨᠳᠤᠷ ᠪᠠᠷᠢᠮᠵᠢᠶᠠᠳᠤ ᠲᠠᠷᠢᠶᠠᠨ ᠭᠠᠵᠠᠷ ᠢ ᠪᠦᠳᠦᠬᠡᠨ ᠪᠠᠶᠢᠭᠤᠯᠪᠠ︔ ᠪᠦᠬᠦ ᠤᠷᠤᠨ ᠤ ᠮᠠᠯᠵᠢᠬᠤ ᠲᠠᠷᠢᠶᠠᠯᠠᠬᠤ ᠤᠷᠤᠨ ᠤ ᠬᠤᠭ ᠨᠤᠪᠰᠢ ᠶᠢ ᠰᠢᠢᠳᠪᠦᠷᠢᠯᠡᠬᠦ᠂ ᠵᠤᠷᠯᠤᠩ ᠢ ᠦᠭᠡᠷᠡᠴᠢᠯᠡᠬᠦ᠂ ᠠᠮᠢᠳᠤᠷᠠᠯ ᠤᠨ ᠪᠤᠬᠢᠷ ᠤᠰᠤ ᠶᠢ ᠵᠠᠰᠠᠬᠤ ᠵᠡᠷᠭᠡ ᠲᠠᠯ᠎ᠠ ᠪᠠᠷ ᠴᠦ ᠱᠠᠲᠤ ᠦᠶ᠎ᠡ ᠶᠢᠨ ᠴᠢᠨᠠᠷᠳᠠᠢ ᠦᠷ᠎ᠠ ᠪᠦᠲᠦᠮᠵᠢ ᠤᠯᠵᠠᠢ᠃