ᠵᠤᠬᠢᠶᠠᠭᠴᠢ:
ᠴᠠᠭ:2019-07-22
ᠥᠵᠡᠭᠰᠡᠨ : ℃
ᠢᠷᠡᠯᠲᠡ:
ᠰᠢ ᠶᠢᠨ ᠫᠢᠩ ᠥᠪᠥᠷ ᠮᠣᠩᠭᠤᠯ ᠤᠨ ᠶᠡᠭᠡ ᠰᠤᠷᠭᠠᠭᠤᠯᠢ ᠳᠤ ᠰᠢᠨᠵᠢᠯᠡᠨ ᠪᠠᠶᠢᠴᠠᠭᠠᠪᠠ

2019 ᠣᠨ ᠤ 7 ᠳ᠋ᠤᠭᠠᠷ ᠰᠠᠷ᠎ᠠ ᠶᠢᠨ 15 ~ 16 ᠤ ᠡᠳᠦᠷ ᠪᠤᠯᠳᠠᠯ᠎ᠠ᠂ ᠨᠠᠮ ᠤᠨ ᠲᠦᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠭᠦᠯᠡᠭᠴᠢ ᠰᠢ ᠶᠢᠨ ᠫᠢᠩ ᠦᠪᠦᠷ ᠮᠤᠩᠭᠤᠯ ᠳᠤ ᠰᠢᠨᠵᠢᠯᠡᠨ ᠪᠠᠶᠢᠴᠠᠭᠠᠬᠰᠠᠨ ᠪᠦᠭᠡᠳ 《ᠤᠬ ᠰᠠᠨᠠᠭ᠎ᠠ ᠪᠠᠨ ᠦᠯᠦ ᠮᠠᠷᠳᠠᠵᠦ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ》 ᠭᠤᠤᠯ ᠰᠡᠳᠦᠪᠳᠦ ᠬᠦᠮᠦᠵᠢᠯ ᠦᠷᠨᠢᠭᠦᠯᠬᠦ ᠶᠢ ᠵᠢᠭᠠᠨ ᠵᠢᠯᠣᠭᠤᠳᠪᠠ᠃

2019 ᠣᠨ ᠤ 7 ᠳ᠋ᠤᠭᠠᠷ ᠰᠠᠷ᠎ᠠ ᠶᠢᠨ 16 ᠤ ᠡᠳᠦᠷ ᠤᠨ ᠦᠳᠡ ᠶᠢᠨ ᠡᠮᠤᠨ᠎ᠠ᠂ ᠰᠢ ᠶᠢᠨ ᠫᠢᠩ ᠬᠦᠬᠡᠬᠤᠳᠠ ᠳᠤ ᠰᠢᠨᠵᠢᠯᠡᠨ ᠪᠠᠶᠢᠴᠠᠭᠠᠵᠤ᠂ ᠡᠩ ᠲᠠᠷᠢᠬᠦᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠬᠦᠷᠴᠤ ᠢᠷᠡᠪᠡ᠃ ᠮᠠᠨ ᠤ ᠨᠠᠮ ᠤᠨ ᠦᠨᠳᠦᠰᠦᠳᠡᠨ ᠤ ᠭᠠᠵᠠᠷ ᠤᠷᠤᠨ ᠳᠤ ᠪᠠᠶᠢᠭᠤᠯᠤᠭᠰᠠᠨ ᠠᠩᠬᠠᠲᠠᠭᠴᠢ ᠶᠡᠷᠦᠩᠭᠡᠶᠢᠯᠡᠭᠰᠡᠨ ᠴᠢᠨᠠᠷᠳᠠᠢ ᠶᠡᠭᠡ ᠰᠤᠷᠭᠠᠭᠤᠯᠢ ᠪᠤᠯᠤᠭᠰᠠᠨ ᠤ ᠬᠤᠪᠢ ᠳᠤ᠂ ᠦᠨᠳᠦᠰᠦᠳᠡᠨ ᠤ ᠭᠠᠵᠠᠷ ᠤᠷᠤᠨ ᠤ ᠴᠢᠳᠠᠪᠤᠷᠢᠳᠠᠨ ᠬᠦᠮᠦᠵᠢᠭᠦᠯᠬᠦ ᠪᠠ ᠠᠵᠤ ᠠᠬᠤᠢ ᠨᠡᠶᠢᠭᠡᠮ ᠤᠨ ᠬᠦᠭᠵᠢᠯᠳᠡ ᠳᠤ ᠬᠤᠪᠢ ᠨᠡᠮᠡᠷᠢ ᠦᠵᠡᠬᠦᠯᠵᠡᠢ᠃ ᠨᠤᠮ ᠤᠨ ᠰᠠᠩ ᠳᠤ᠂ ᠰᠢ ᠶᠢᠨ ᠫᠢᠩ ᠰᠤᠷᠭᠠᠭᠤᠯᠢ ᠶᠢᠨ ᠪᠦᠳᠦᠭᠡᠨ ᠪᠠᠶᠢᠭᠤᠯᠤᠯᠳᠠ ᠬᠦᠭᠵᠢᠯᠳᠡ᠂ ᠵᠢᠭᠠᠨ ᠰᠤᠷᠭᠠᠯᠳᠠ ᠰᠢᠨᠵᠢᠯᠡᠭᠡᠨ ᠰᠤᠳᠤᠯᠭᠠᠨ᠂ ᠴᠢᠳᠠᠪᠤᠷᠢᠳᠠᠨ ᠬᠦᠮᠦᠵᠢᠭᠦᠯᠬᠦ᠂ ᠦᠵᠡᠯ ᠰᠠᠨᠠᠭ᠎ᠠ ᠤᠯᠤᠰ ᠲᠦᠷᠦ ᠶᠢᠨ ᠪᠠᠶᠢᠭᠤᠯᠤᠯᠳᠠ ᠵᠡᠷᠭᠡ ᠠᠵᠢᠯ ᠤᠨ ᠪᠠᠶᠢᠳᠠᠯ ᠤᠨ ᠲᠠᠨᠢᠯᠴᠠᠭᠤᠯᠭ᠎ᠠ ᠶᠢ ᠰᠤᠨᠤᠰᠴᠤ᠂ ᠮᠤᠩᠭᠤᠯ ᠬᠡᠯᠡ ᠤᠳᠬ᠎ᠠ ᠵᠤᠬᠢᠶᠠᠯ ᠤᠨ ᠲᠡᠤᠭᠡᠨ ᠦᠷ᠎ᠠ ᠪᠦᠳᠦᠭᠡᠯ ᠤᠨ ᠨᠤᠮ ᠪᠢᠴᠢᠭ ᠤᠨ ᠲᠡᠯᠭᠡᠨ ᠦᠵᠡᠭᠦᠯᠭᠡ ᠶᠢ ᠪᠠᠶᠢᠴᠠᠭᠠᠨ ᠦᠵᠡᠪᠡ᠃ ᠮᠤᠩᠭᠤᠯ ᠬᠡᠯᠡᠨ ᠤ ᠡᠷᠳᠡᠨ ᠤ ᠨᠤᠮ ᠰᠤᠳᠤᠷ ᠢ ᠲᠡᠯᠭᠡᠨ ᠦᠵᠡᠭᠦᠯᠬᠦ ᠤᠡᠭᠰᠢᠯᠭ᠎ᠠ ᠶᠢᠨ ᠦᠷᠦᠭᠡᠨ ᠳᠤ ᠤᠯᠠᠨ ᠠᠷᠪᠢᠨ ᠲᠡᠤᠭᠡ ᠰᠤᠶᠤᠯ ᠤᠨ ᠰᠤᠳᠤᠷ ᠪᠢᠴᠢᠭ ᠢ ᠬᠤᠷᠢᠶᠠᠨ ᠬᠠᠳᠠᠭᠠᠯᠠᠵᠤ᠂ ᠮᠤᠩᠭᠤᠯ ᠦᠨᠳᠦᠰᠦᠳᠡᠨ ᠤ ᠰᠤᠶᠤᠯ ᠪᠠ ᠪᠤᠰᠤᠳ ᠦᠨᠳᠦᠰᠦᠳᠡᠨ ᠤ ᠰᠤᠶᠤᠯ ᠤᠨ ᠠᠭᠤᠰᠤᠯᠴᠠᠨ ᠬᠦᠭᠵᠢᠭᠰᠡᠨ ᠲᠡᠤᠭᠡ ᠶᠢ ᠲᠡᠮᠳᠡᠭᠯᠡᠵᠦ ᠪᠠᠶᠢᠭ᠎ᠠ ᠠᠵᠢ᠃ ᠰᠢ ᠶᠢᠨ ᠫᠢᠩ ᠲᠠᠶᠢᠯᠪᠤᠷᠢᠯᠠᠨ ᠶᠠᠷᠢᠬᠤ ᠶᠢ ᠨᠠᠷᠢᠨ ᠬᠢᠨᠠᠮᠠᠭᠠᠢ ᠰᠤᠨᠤᠰᠴᠤ᠂ ᠪᠠᠶᠢᠨ ᠪᠠᠶᠢᠨ ᠵᠤᠭᠰᠤᠰᠬᠢᠨ ᠨᠠᠷᠢᠨ ᠨᠢᠮᠪᠠᠢ ᠯᠠᠪᠯᠠᠨ ᠦᠵᠡᠨ᠎ᠠ᠃ ᠰᠢ ᠶᠢᠨ ᠫᠢᠩ ᠴᠢᠬᠤᠯᠠᠴᠢᠯᠠᠭᠰᠠᠨ ᠨᠢ᠂ ᠮᠤᠩᠭᠤᠯ ᠬᠡᠯᠡᠨ ᠤ ᠡᠷᠳᠡᠨ ᠤ ᠰᠤᠳᠤᠷ ᠪᠢᠴᠢᠭ ᠢ ᠡᠷᠢᠵᠤ ᠴᠤᠭᠯᠠᠭᠤᠯᠬᠤ᠂ ᠡᠮᠬᠢᠯᠡᠵᠤ ᠬᠠᠮᠠᠭᠠᠯᠠᠬᠤ ᠶᠢ ᠴᠢᠩᠭᠠᠳᠬᠠᠨ᠂ ᠲᠡᠭᠦᠨ ᠤ ᠲᠤᠳᠤᠷ᠎ᠠ ᠠᠭᠤᠯᠤᠭᠳᠠᠵᠤ ᠪᠦᠬᠦᠢ ᠦᠨᠳᠦᠰᠦᠳᠡᠨ ᠤ ᠪᠦᠯᠭᠦᠮᠳᠡᠯ ᠲᠠᠪᠰᠢᠯᠳᠠ ᠶᠢᠨ ᠦᠵᠡᠯ ᠰᠠᠨᠠᠭᠠᠨ ᠤ ᠲᠤᠳᠤᠭᠠᠳᠤ ᠠᠭᠤᠯᠬᠤᠨ ᠢ ᠠᠭᠤᠳᠠᠯᠤᠨ ᠪᠠᠲᠠᠷᠠᠭᠤᠯᠵᠤ᠂ ᠦᠨᠳᠦᠰᠦᠳᠡᠨ ᠨᠦᠭᠦᠳ ᠤᠨ ᠠᠷᠠᠳ ᠲᠦᠮᠡᠨ ᠬᠠᠮᠳᠤ ᠪᠠᠷ ᠪᠦᠯᠬᠦᠮᠳᠡᠨ ᠲᠡᠮᠡᠴᠡᠬᠦ᠂ ᠬᠠᠮᠳᠤ ᠪᠠᠷ ᠴᠡᠴᠡᠭᠯᠡᠨ ᠬᠦᠭᠵᠢᠬᠦ ᠶᠢ ᠤᠷᠮᠠᠰᠢᠭᠤᠯᠤᠨ ᠵᠤᠷᠢᠭᠵᠢᠭᠤᠯᠬᠤ ᠬᠡᠷᠡᠭᠳᠡᠢ ᠭᠡᠵᠡᠢ᠃ ᠁
ᠵᠤᠨ ᠤ ᠠᠮᠠᠷᠠᠯᠳᠠ ᠶᠢᠨ ᠬᠤᠭᠤᠴᠠᠭ᠎ᠠ ᠪᠠᠶᠢᠭᠰᠠᠠ ᠴᠤ ᠨᠤᠮ ᠤᠨ ᠰᠠᠩ ᠤᠨ ᠤᠡᠭᠰᠢᠯᠭ᠎ᠠ ᠶᠢᠨ ᠦᠷᠦᠭᠡᠨ ᠳᠤ ᠴᠦᠬᠡᠨ ᠪᠤᠰᠤ ᠤᠶᠤᠳᠠᠨ ᠲᠠᠪᠳᠠᠨ ᠰᠤᠷᠤᠯᠴᠠᠵᠤ ᠪᠠᠶᠢᠪᠠ᠃ ᠶᠡᠷᠦᠩᠭᠡᠢ ᠱᠦᠵᠢ ᠰᠢ ᠶᠢᠨ ᠫᠢᠩ ᠤᠨ ᠤᠷᠤᠵᠤ ᠢᠷᠡᠬᠦ ᠶᠢ ᠬᠠᠷᠠᠭᠠᠳ ᠤᠯᠠᠨ ᠢᠶᠠᠷ ᠢᠶᠠᠨ ᠬᠦᠭᠰᠡᠨ ᠪᠠᠶᠠᠷᠯᠠᠵᠤ ᠶᠡᠷᠦᠩᠭᠡᠢ ᠱᠦᠵᠢ ᠶᠢᠨ ᠬᠠᠵᠠᠭᠤ ᠳᠤ ᠪᠦᠭᠡᠮᠨᠡᠷᠡᠨ ᠴᠤᠭᠯᠠᠷᠠᠪᠠ᠃ ᠰᠢ ᠶᠢᠨ ᠫᠢᠩ ᠲᠡᠳᠡᠨ ᠲᠠᠢ ᠲᠤᠳᠤᠨᠤᠰᠤᠭ ᠢᠶᠠᠷ ᠮᠠᠨᠳᠤᠴᠢᠯᠠᠨ ᠰᠤᠷᠤᠯᠭ᠎ᠠ ᠠᠮᠢᠳᠤᠷᠠᠯ ᠤᠨ ᠪᠠᠶᠢᠳᠠᠯ ᠢ ᠨᠢ ᠠᠰᠠᠭᠤᠨ ᠤᠢᠢᠯᠠᠭᠠᠪᠠ᠃ ᠲᠡᠷᠡ ᠵᠢᠭᠠᠵᠤ ᠭᠠᠷᠭᠠᠭᠰᠠᠨ ᠨᠢ᠂ ᠪᠠᠭᠠᠴᠤᠳ ᠬᠦᠴᠦᠷᠭᠡᠭ ᠪᠤᠯᠪᠠᠰᠦ ᠲᠤᠮᠳᠠᠳᠤ ᠤᠯᠤᠰ ᠰᠠᠶ᠋ᠢ ᠬᠦᠴᠦᠷᠭᠡᠭ ᠪᠤᠯᠤᠮᠤᠢ᠃ ᠢᠷᠡᠭᠡᠳᠦᠢ ᠶᠢᠨ ᠦᠷᠢᠰᠦᠯᠳᠦᠭᠡᠨ ᠪᠤᠯ ᠵᠠᠯᠠᠭᠤᠴᠤᠳ ᠤᠨ ᠦᠷᠢᠰᠦᠯᠳᠦᠭᠡᠨ ᠮᠦᠨ᠂ ᠦᠨᠦᠳᠦᠷ ᠤᠨ ᠵᠠᠯᠠᠭᠤᠴᠤᠳ ᠪᠤᠯ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠳᠠ ᠶᠢ ᠪᠡᠶᠡᠯᠡᠭᠦᠯᠬᠦ ᠭᠤᠤᠯᠯᠠᠭᠴᠢ ᠬᠦᠴᠦᠨ ᠪᠠ ᠲᠤᠯᠭᠠᠭᠤᠷᠢ ᠬᠦᠴᠦᠨ ᠮᠦᠨ᠃ ᠲᠠ ᠨᠠᠷ ᠠᠯᠤᠰ ᠬᠡᠳᠤ ᠶᠢᠨ ᠬᠦᠰᠡᠯ ᠵᠤᠷᠢᠯᠳᠠ ᠲᠠᠢ ᠮᠦᠷᠳᠡᠬᠡᠨ ᠯᠠᠪᠳᠠᠭᠤᠨ ᠪᠠᠲᠤᠲᠠᠢ ᠪᠠᠶᠢᠵᠤ᠂ ᠮᠡᠳᠡᠯᠭᠡ ᠮᠡᠷᠬᠡᠵᠢᠯ ᠢ ᠰᠠᠶᠢᠳᠤᠷ ᠰᠤᠷᠴᠦ᠂ ᠰᠠᠭᠤᠷᠢ ᠪᠠᠨ ᠪᠠᠳᠤ ᠲᠠᠯᠪᠢᠨ᠂ ᠴᠢᠳᠠᠪᠤᠷᠢ ᠪᠠᠨ ᠨᠡᠮᠡᠭᠳᠡᠭᠦᠯᠵᠤ᠂ ᠬᠤᠵᠢᠮ ᠲᠤᠮᠳᠠᠳᠤ ᠶᠢᠨ ᠦᠨᠳᠦᠰᠦᠳᠡᠨ ᠤ ᠠᠭᠤᠤ ᠶᠡᠭᠡ ᠰᠡᠷᠭᠦᠨ ᠮᠡᠨᠳᠤᠯᠳᠠ ᠳᠤ ᠦᠪᠡᠷ ᠤᠨ ᠤᠶᠤᠨ ᠤᠬᠠᠭᠠᠨ ᠪᠠ ᠬᠦᠴᠦᠨ ᠴᠢᠳᠠᠯ ᠢᠶᠠᠨ ᠨᠡᠮᠡᠷᠢᠯᠡᠬᠦ ᠬᠡᠷᠡᠭᠳᠡᠢ ᠭᠡᠵᠡᠢ᠃