ᠵᠤᠬᠢᠶᠠᠭᠴᠢ:
ᠴᠠᠭ:2022-12-09
ᠥᠵᠡᠭᠰᠡᠨ : ℃
ᠢᠷᠡᠯᠲᠡ: ᠤᠯᠠᠭᠠᠨᠬᠠᠳᠠ ᠬᠣᠲᠠ ᠶᠢᠨ ᠲᠠᠩᠰᠠ ᠡᠪᠬᠡᠮᠡᠯ ᠲᠡᠸᠬᠡ ᠣᠶᠢᠯᠠᠯᠭ᠎ᠠ ᠶᠢᠨ ᠣᠷᠣᠨ ᠨᠤᠲᠤᠭ ᠤᠨ ᠣᠶᠢᠯᠠᠯᠭ᠎ᠠ ᠶᠢᠨ ᠠᠯᠪᠠᠨ ᠬᠡᠷ
ᠣᠷᠣᠨ ᠨᠤᠲᠤᠭ ᠤᠨ ᠣᠶᠢᠯᠠᠯᠭ᠎ᠠ ᠶᠢᠨ ᠬᠢᠨ ᠬᠢᠵᠢᠭ ᠲᠠᠢ ᠨᠢ ︵ ᠭᠤᠷᠪᠠ ︶ᠭᠠᠷ ᠭᠠᠷ ᠢᠶᠠᠨ ᠬᠣᠯᠪᠣᠨ ᠬᠢᠵᠢᠭ ᠲᠠᠢ ᠲᠡᠮᠡᠴᠡᠵᠦ ᠴᠠᠭ ᠤᠨ ᠪᠡᠷᠬᠡ ᠶᠢ ᠬᠠᠮᠲᠤᠪᠠᠷ ᠲᠤᠭᠤᠯᠪᠠ ︱ ᠤᠯᠠᠭᠠᠨᠬᠠᠳᠠ ᠶᠢᠨ ᠡᠯ᠎ᠡ ᠱᠠᠲᠤᠨ ᠤ ᠣᠷᠣᠨ ᠨᠤᠲᠤᠭ ᠤᠨ ᠣᠶᠢᠯᠠᠯᠭ᠎ᠠ ᠶᠢᠨ ᠪᠠᠶᠢᠭᠤᠯᠤᠮᠵᠢ ᠶᠢᠨ ᠠᠵᠢᠯᠲᠠᠳ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠣᠷᠣᠯᠴᠠᠪᠠ

2022 ᠣᠨ ᠠᠴᠠ ᠨᠠᠰᠢ᠂ ᠤᠯᠠᠭᠠᠨᠬᠠᠳᠠ ᠬᠤᠳᠠ ᠳᠤ ᠬᠢᠵᠢᠭ 6 ᠤᠳᠠᠭ᠎ᠠ ᠰᠢᠷᠦᠭᠦᠰᠴᠦ ᠂ ᠨᠡᠢᠲᠡ 60 ᠭᠠᠷᠤᠢ ᠡᠳᠦᠷ ᠭᠡᠷ ᠲᠡᠬᠡᠨ ᠰᠠᠭᠤᠵᠠᠭᠠᠵᠠᠢ ᠃10 ᠳ᠋ᠤᠭᠠᠷ ᠰᠠᠷ᠎ᠠ ᠠᠴᠠ ᠨᠠᠰᠢ ᠤᠯᠠᠭᠠᠨᠬᠠᠳᠠ ᠬᠤᠳᠠ ᠳᠤ ᠵᠠᠯᠭᠠᠪᠡᠷ ᠬᠣᠶᠠᠷ ᠤᠳᠠᠭ᠎ᠠ ᠬᠢᠵᠢᠭ ᠡᠭᠦᠰᠴᠦ ᠂ ᠨᠠᠮ ᠤᠨ ᠬᠣᠷᠢᠳᠤᠭᠠᠷ ᠶᠡᠬᠡ ᠬᠤᠷᠠᠯ ᠬᠤᠷᠠᠯᠳᠤᠬᠤ ᠲᠠᠰᠢᠷᠠᠮ ᠢᠶᠠᠷ᠂ ᠤᠯᠠᠭᠠᠨᠬᠠᠳᠠ ᠬᠤᠳᠠ ᠶᠢᠨ ᠡᠯ᠎ᠡ ᠱᠠᠲᠤᠨ ᠤ ᠣᠷᠣᠨ ᠨᠤᠲᠤᠭ ᠤᠨ ᠣᠶᠢᠯᠠᠯᠭ᠎ᠠ ᠶᠢᠨ ᠪᠠᠶᠢᠭᠤᠯᠤᠮᠵᠢ ᠶᠢᠨ ᠬᠢᠨ ᠨᠠᠮ ᠤᠨ ᠬᠣᠷᠢᠳᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠤᠭᠰᠠᠨ ᠦᠷ᠎ᠡ ᠪᠦᠲᠦᠭᠡᠯ ᠢ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠨᠡᠬᠦ ᠬᠠᠲᠠᠭᠤ ᠳᠠᠶᠢᠯᠠᠯᠳᠤᠭᠠᠨ ᠤ ᠢᠯᠠᠯᠲᠠ ᠶᠢ ᠤᠯᠬᠤ ᠬᠦᠴᠦᠷᠬᠡᠭ ᠶᠡᠬᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠨᠠᠮ ᠤᠨ ᠬᠦᠴᠦᠨ ᠢ ᠬᠢᠵᠢᠭ ᠢ ᠡᠰᠡᠷᠭᠦᠴᠡᠬᠦ ᠡᠮᠦᠨ᠎ᠡ ᠹᠷᠥᠡᠲᠲᠤ ᠨᠢᠭᠲᠠᠷᠠᠭᠤᠯᠵᠤ᠂ ᠨᠠᠮ ᠤᠨ ᠵᠣᠷᠢᠭ ᠰᠠᠨᠠᠭ᠎ᠠ ᠶᠢ ᠤᠯᠠᠨ ᠲᠦᠮᠡᠨ ᠦ ᠳᠡᠷᠭᠡᠳᠡ ᠨᠠᠶᠢᠳᠠᠪᠤᠷᠢᠵᠢᠭᠤᠯᠵᠠᠢ᠃


ᠤᠯᠠᠭᠠᠨᠬᠠᠳᠠ ᠬᠣᠲᠠ ᠵᠢᠴᠢ ᠬᠣᠰᠢᠭᠤ ᠰᠢᠶᠠᠨ ᠲᠣᠭᠣᠷᠢᠭ ᠤᠨ ᠣᠷᠣᠨ ᠨᠤᠲᠤᠭ ᠤᠨ ᠣᠶᠢᠯᠠᠯᠭ᠎ᠠ ᠶᠢᠨ ᠪᠠᠶᠢᠭᠤᠯᠤᠮᠵᠢ ᠶᠢᠨ ᠠᠵᠢᠯᠲᠠᠳ ᠵᠠᠷᠯᠢᠭ ᠢ ᠰᠣᠨᠣᠰᠤᠮᠠᠭᠴᠠ ᠬᠥᠳᠡᠯᠦᠯᠴᠡᠵᠦ ᠂ ᠬᠢᠵᠢᠭ ᠢ ᠰᠦᠷᠦᠨ ᠤᠷᠤᠭᠰᠢᠯᠠᠵᠤ ᠂ ᠲᠤᠬᠠᠶ ᠶᠢᠨ ᠭᠠᠵᠠᠷ ᠲᠤᠨᠢ ᠰᠠᠶᠢᠨ ᠳᠤᠷ᠎ᠠ ᠶᠢᠨ ᠠᠵᠢᠯᠯᠠᠭᠴᠢ ᠪᠣᠯᠵᠣ ᠂ ᠦᠨᠳᠦᠰᠦᠨ ᠱᠠᠲᠤᠨ ᠤ ᠨᠢᠭᠡᠳᠦᠭᠡᠷ ᠹᠷᠥᠡᠲᠲᠤ ᠭᠦᠨᠵᠡᠭᠡᠶᠢᠷᠡᠨ ᠂ ᠬᠢᠵᠢᠭ ᠦᠨ ᠪᠠᠶᠢᠳᠠᠯ ᠢ ᠰᠡᠷᠭᠡᠶᠢᠯᠡᠨ ᠡᠵᠡᠮᠳᠡᠬᠦ ᠰᠠᠶᠢᠨ ᠳᠤᠷ᠎ᠠ ᠶᠢᠨ ᠠᠵᠢᠯᠯᠠᠭᠴᠢ ᠶᠢᠨ ᠦᠶᠯᠡᠴᠢᠯᠡᠭᠡᠨ ᠦ ᠠᠵᠢᠯ ᠳᠤ ᠣᠷᠣᠯᠴᠠᠪᠠ ᠃