ᠵᠤᠬᠢᠶᠠᠭᠴᠢ:
ᠴᠠᠭ:2026-03-06
ᠥᠵᠡᠭᠰᠡᠨ : ℃
ᠢᠷᠡᠯᠲᠡ:
︽ ︵1986 ︱ 2015︶︾ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ ᠰᠢᠯᠢᠳᠡᠭ ᠦᠷ᠎ᠡ ᠪᠦᠲᠦᠭᠡᠯ ᠦᠨ ᠱᠠᠩᠨᠠᠯ
2025 ᠣᠨ ᠤ 12 ᠳ᠋ᠤᠭᠠᠷ ᠰᠠᠷ᠎ᠠ ᠶᠢᠨ 19 ᠦ ᠡᠳᠦᠷ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ《 ᠠᠷᠪᠠᠨ ᠨᠢᠭᠡᠳᠦᠭᠡᠷ ᠬᠤᠭᠤᠴᠠᠭᠠᠨ ᠤ ᠥᠪᠡᠷᠲᠡᠭᠡᠨ ᠵᠠᠰᠠᠬᠤ ᠣᠷᠣᠨ ᠤ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ ᠱᠠᠩᠨᠠᠯ ᠭᠥᠷᠳᠡᠭᠰᠡᠨ ᠦᠷ᠎ᠡ ᠪᠦᠲᠦᠭᠡᠯ ᠪᠠ ᠱᠠᠩᠨᠠᠯ ᠬᠦᠷᠲᠡᠭᠰᠡᠳ ᠢ ᠬᠥᠬᠢᠭᠦᠯᠦᠨ ᠰᠠᠶᠢᠰᠢᠶᠠᠬᠤ ᠲᠤᠬᠠᠶ ᠵᠠᠷᠯᠠᠯ》 ᠨᠡᠶᠢᠲᠡᠯᠡᠵᠦ᠂ ᠬᠥᠬᠡᠬᠣᠲᠠ ᠶᠢᠨ ᠲᠠᠩᠰᠠ ᠡᠪᠬᠡᠮᠡᠯ ᠲᠡᠸᠬᠡ ᠣᠶᠢᠯᠠᠯᠭ᠎ᠠ ᠶᠢᠨ ᠡᠷᠭᠢᠯᠡᠨ ᠨᠠᠶᠢᠷᠠᠭᠤᠯᠤᠭᠰᠠᠨ 《ᠬᠥᠬᠡᠬᠣᠲᠠ ᠶᠢᠨ ᠣᠶᠢᠯᠠᠯᠭ᠎ᠠ︵1986 ︱ 2015︶》 ᠠᠷᠪᠠᠨ ᠨᠢᠭᠡᠳᠦᠭᠡᠷ ᠬᠤᠭᠤᠴᠠᠭᠠᠨ ᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ ᠰᠢᠯᠢᠳᠡᠭ ᠦᠷ᠎ᠡ ᠪᠦᠲᠦᠭᠡᠯ ᠦᠨ ᠱᠠᠩᠨᠠᠯ ᠤᠨ ᠭᠤᠷᠪᠠᠳᠤᠭᠠᠷ ᠳᠡᠰ ᠤᠨ ᠱᠠᠩᠨᠠᠯ ᠢ ᠭᠥᠷᠳᠡᠪᠡ᠃

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ ᠰᠢᠯᠢᠳᠡᠭ ᠦᠷ᠎ᠡ ᠪᠦᠲᠦᠭᠡᠯ ᠦᠨ ᠱᠠᠩᠨᠠᠯ ᠪᠣᠯ ᠲᠥᠷᠥ ᠶᠢᠨ ᠶᠠᠪᠤᠳᠠᠯ ᠤᠨ ᠬᠣᠷᠢᠶ᠎ᠠ ᠪᠠᠷ ᠵᠥᠪᠰᠢᠶᠡᠷᠡᠭᠦᠯᠦᠭᠡᠳ ᠪᠠᠶᠢᠭᠤᠯᠤᠭᠰᠠᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠱᠠᠩᠨᠠᠯ ᠮᠥᠨ᠂ ᠪᠥᠬᠥ ᠣᠷᠣᠨ ᠤ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ
ᠬᠥᠬᠡᠬᠣᠲᠠ ᠶᠢᠨ ᠣᠨᠴᠠ ᠲᠣᠭᠲᠠᠭᠰᠠᠨ ᠴᠠᠭ ᠬᠤᠭᠤᠴᠠᠭᠠᠨ ᠤ ᠬᠥᠭᠵᠢᠯᠲᠡ ᠶᠢᠨ ᠥᠩᠭᠡᠷᠡᠯᠲᠡ ᠶᠢ ᠪᠦᠬᠦ ᠲᠠᠯ᠎ᠠ ᠪᠠᠷ ᠰᠢᠰᠲ᠋ᠧᠮ ᠲᠡᠶ ᠲᠡᠮᠳᠡᠭᠯᠡᠨ ᠲᠣᠭᠠᠴᠢᠭᠰᠠᠨ ᠮᠠᠲ᠋ᠧᠷᠢᠶᠠᠯ ᠤᠨ ᠴᠢᠨᠠᠷᠲᠠᠢ ᠰᠤᠷᠪᠤᠯᠵᠢ ᠪᠢᠴᠢᠭ ᠪᠣᠯᠤᠭᠰᠠᠨ ᠤ ᠬᠤᠪᠢ ᠳᠤ᠂《《ᠬᠥᠬᠡᠬᠣᠲᠠ ᠶᠢᠨ ᠣᠶᠢᠯᠠᠯᠭ᠎ᠠ︵1986 ︱ 2015︶》ᠵᠢ ᠠᠵᠢᠯ ᠤᠯᠠᠨ ᠵᠢᠯ ᠪᠦᠬᠦ ᠨᠣᠮ 300 ᠲᠦᠮᠡ ᠰᠢᠬᠠᠮ ᠦᠰᠦᠭ ᠲᠡᠶ᠂ ᠳᠡᠭᠡᠳᠦ ᠳᠤᠮᠳᠠ ᠳᠤᠤᠷᠠᠳᠤ ᠭᠤᠷᠪᠠᠨ ᠳᠡᠪᠲᠡᠷ ᠬᠥᠬᠡᠬᠣᠲᠠ ᠶᠢᠨ ᠪᠠᠶᠢᠭᠠᠯᠢ᠂ ᠤᠯᠤᠰ ᠲᠦᠷᠦ᠂ ᠠᠵᠤ ᠠᠬᠤᠢ᠂ ᠰᠣᠶᠣᠯ ᠪᠣᠯᠤᠨ ᠨᠡᠶᠢᠭᠡᠮ ᠵᠡᠷᠭᠡ ᠡᠯ᠎ᠡ ᠬᠦᠷᠢᠶᠡᠨ ᠦ ᠬᠥᠭᠵᠢᠯᠲᠡ ᠬᠤᠪᠢᠷᠠᠯᠲᠠ ᠶᠢ ᠃ ᠲᠤᠰ ᠣᠷᠣᠨ ᠨᠤᠲᠤᠭ ᠤᠨ ᠣᠶᠢᠯᠠᠯᠭ᠎ᠠ ᠶᠢᠨ ᠨᠣᠮ ᠬᠡᠪᠯᠡᠭᠳᠡᠭᠰᠡᠨ ᠨᠢ ᠣᠷᠣᠨ ᠨᠤᠲᠤᠭ ᠤᠨ ᠲᠡᠦᠬᠡ ᠣᠶᠢᠯᠠᠯᠭ᠎ᠠ ᠶᠢᠨ ᠮᠠᠲ᠋ᠧᠷᠢᠶᠠᠯ ᠢ ᠲᠡᠭᠦᠯᠳᠡᠷᠵᠢᠭᠦᠯᠵᠦ᠂ ᠬᠥᠬᠡᠬᠣᠲᠠ ᠶᠢᠨ ᠠᠵᠤ ᠠᠬᠤᠢ ᠨᠡᠶᠢᠭᠡᠮ ᠦᠨ ᠬᠥᠭᠵᠢᠯᠲᠡ ᠳᠦ ᠴᠢᠬᠤᠯᠠ ᠲᠡᠦᠬᠡ ᠶᠢᠨ ᠲᠣᠯᠢᠯᠠᠯ ᠬᠠᠩᠭᠠᠭᠰᠠᠨ ᠪᠥᠭᠡᠳ ᠪᠠᠰᠠ ᠭᠠᠳᠠᠨᠠᠬᠢ ᠬᠥᠮᠦᠰ ᠦᠨ ᠣᠷᠣᠨ ᠤ ᠲᠥᠪ ᠣᠶᠢᠯᠠᠭᠠᠬᠤ᠂ ᠣᠷᠣᠨ ᠨᠤᠲᠤᠭ ᠤᠨ ᠬᠥᠭᠵᠢᠯᠲᠡ ᠶᠢ ᠰᠤᠳᠤᠯᠬᠤ ᠳᠤ ᠡᠷᠬᠡ ᠰᠦᠷᠲᠦ ᠦᠨᠳᠦᠰᠦᠯᠡᠯ ᠬᠠᠩᠭᠠᠭᠰᠠᠨ ᠪᠠᠶᠢᠨ᠎ᠠ᠃

ᠬᠥᠬᠡᠬᠣᠲᠠ ᠶᠢᠨ ᠳᠠᠩᠰᠠ ᠡᠪᠬᠡᠮᠡᠯ ᠲᠡᠦᠬᠡ ᠣᠶᠢᠯᠠᠯᠭ᠎ᠠ ᠶᠢᠨ ᠡᠭᠦᠨ ᠢᠶᠡᠷ ᠠᠵᠠ ᠲᠣᠬᠢᠶᠠᠯ ᠪᠣᠯᠭᠠᠵᠤ ᠂ ᠣᠷᠣᠨ ᠨᠤᠲᠤᠭ ᠤᠨ ᠣᠶᠢᠯᠠᠯᠭ᠎ᠠ ᠶᠢ ᠲᠤᠷᠰᠢᠯᠭ᠎ᠠ ᠪᠠᠨ ᠳ᠋ᠦᠩᠨᠡᠵᠦ᠂ ᠣᠷᠣᠨ ᠨᠤᠲᠤᠭ ᠤᠨ ᠲᠡᠸᠬᠡ ᠣᠶᠢᠯᠠᠯᠭ᠎ᠠ ᠶᠢ ᠰᠤᠳᠤᠯᠬᠤ ᠪᠠ ᠠᠵᠢᠯ ᠢ ᠦᠷᠭᠦᠯᠵᠢᠯᠡᠨ ᠭᠦᠨᠵᠡᠭᠡᠶ ᠬᠢᠵᠦ᠂ ᠲᠡᠸᠬᠡ ᠣᠶᠢᠯᠠᠯᠭ᠎ᠠ ᠶᠢᠨ ᠮᠠᠲ᠋ᠧᠷᠢᠶᠠᠯ ᠤᠨ ᠥᠪᠡᠷᠮᠢᠴᠡ ᠦᠨ᠎ᠡ ᠥᠷᠲᠡᠭ ᠢ ᠭᠦᠶᠴᠡᠳ ᠪᠠᠳᠠᠷᠠᠭᠤᠯᠤᠨ᠂ ᠭᠤᠷᠪᠠᠳᠤᠭᠠᠷ ᠡᠭᠡᠯᠵᠢ ᠶᠢᠨ ᠣᠷᠣᠨ ᠨᠤᠲᠤᠭ ᠤᠨ ᠣᠶᠢᠯᠠᠯᠭ᠎ᠠ ᠶᠢ ᠠᠬᠢᠭᠤᠯᠵᠤ᠂ ᠨᠠᠩ ᠣᠯᠠᠨ ᠰᠢᠯᠢᠳᠡᠭ ᠲᠡᠸᠬᠡ ᠣᠶᠢᠯᠠᠯᠭ᠎ᠠ ᠶᠢᠨ ᠦᠷ᠎ᠡ ᠪᠦᠲᠦᠭᠡᠯ ᠭᠠᠷᠭᠠᠵᠤ᠂ ᠬᠥᠬᠡᠬᠣᠲᠠ ᠶᠢᠨ ᠭᠦᠨ ᠤᠬᠠᠭᠠᠨ ᠨᠡᠶᠢᠭᠡᠮ ᠦᠨ ᠰᠢᠨᠵᠢᠯᠡᠬᠦ ᠤᠬᠠᠭᠠᠨ ᠤ ᠴᠡᠴᠡᠭᠯᠡᠨ ᠬᠥᠭᠵᠢᠬᠦ ᠶᠢ ᠠᠬᠢᠭᠤᠯᠬᠤ᠂ ᠣᠷᠣᠨ ᠨᠤᠲᠤᠭ ᠤᠨ ᠠᠵᠤ ᠠᠬᠤᠶ ᠨᠡᠶᠢᠭᠡᠮ ᠦᠨ ᠪᠥᠲᠥᠭᠡᠨ ᠪᠠᠶᠢᠭᠤᠯᠤᠯᠲᠠ ᠳᠤ ᠦᠶᠯᠡᠴᠢᠯᠡᠬᠦ ᠳᠦ ᠨᠠᠩ ᠶᠡᠬᠡ ᠬᠦᠴᠦᠨ ᠴᠢᠳᠠᠯ ᠢᠶᠠᠨ ᠃