ᠵᠤᠬᠢᠶᠠᠭᠴᠢ:
ᠴᠠᠭ:2019-04-09
ᠥᠵᠡᠭᠰᠡᠨ : ℃
ᠢᠷᠡᠯᠲᠡ:
ᠬᠦᠬᠡᠬᠤᠲᠠ ᠶᠢᠨ ᠵᠢᠮᠳᠤ ᠲᠠᠮᠤᠷ ᠵᠠᠮ ᠤᠨ 1 ᠨᠤᠮᠧᠷᠲᠤ ᠱᠤᠭᠤᠮ ᠤᠨ ᠲᠦᠷᠦᠭᠦᠦ ᠭᠠᠯᠳᠤ ᠲᠡᠷᠭᠡ ᠬᠦᠷᠴᠤ

ᠮᠠᠨ ᠤ ᠤᠷᠤᠨ ᠤ ᠲᠦᠷᠦᠬᠦᠦ ᠵᠤᠷᠪᠤᠰ ᠵᠢᠮᠳᠤ ᠲᠡᠮᠦᠷ ᠵᠠᠮ — ᠬᠦᠬᠡᠬᠤᠳᠠ ᠶᠢᠨ ᠵᠢᠮᠳᠤ ᠲᠡᠮᠦᠷ ᠵᠠᠮ ᠤᠨ 1 ᠨᠤᠮᠧᠷᠳᠤ ᠱᠤᠭᠤᠮ ᠢ ᠡᠨᠡ ᠵᠢᠯ ᠤᠨ ᠰᠡᠬᠦᠯᠴᠢ ᠪᠠᠷ ᠲᠡᠷᠬᠡ ᠨᠡᠪᠲᠡᠷᠡᠬᠦᠯᠵᠦ ᠲᠤᠷᠰᠢᠨ ᠡᠵᠡᠩᠨᠡᠬᠦ ᠪᠠᠷ ᠪᠠᠶᠢᠨ᠎ᠠ᠃ 4 ᠳ᠋ᠤᠭᠡᠷ ᠰᠠᠷ᠎ᠠ ᠶᠢᠨ 4 ᠡᠳᠦᠷ᠂ 1 ᠨᠤᠮᠧᠷᠲᠤ ᠱᠤᠭᠤᠮ ᠤᠨ ᠲᠦᠷᠦᠭᠦᠦ ᠭᠠᠯᠳᠤ ᠲᠡᠷᠭᠡ ᠶᠢ ᠭᠤᠷᠪᠡᠨᠭᠡᠷ ᠶᠡᠷᠦᠩᠭᠡᠶᠢᠯᠡᠭᠰᠡᠨ ᠰᠠᠯᠪᠢᠨ ᠵᠠᠰᠠᠬᠤ ᠰᠠᠭᠤᠷᠢᠨ ᠳᠤ ᠲᠤᠰᠤᠨ ᠠᠪᠴᠢᠷᠠᠪᠠ᠃



ᠬᠦᠬᠡᠬᠤᠳᠠ ᠶᠢᠨ ᠵᠢᠮᠳᠤ ᠲᠡᠮᠦᠷ ᠵᠠᠮ ᠤᠨ 1 ᠨᠤᠮᠧᠷᠲᠤ ᠱᠤᠭᠤᠮ ᠤᠨ ᠭᠠᠯᠳᠤ ᠲᠡᠷᠬᠡ ᠨᠢ ᠨᠡᠶᠢᠳᠡ 24 ᠸᠠᠭᠤᠨ ᠲᠠᠢ ᠪᠠᠶᠢᠵᠦ᠂ ᠭᠠᠯᠳᠤ ᠲᠡᠷᠬᠡ ᠶᠢᠨ ᠬᠠᠮᠤᠬ ᠤᠨ ᠲᠡᠭᠡᠳᠤ ᠬᠤᠷᠳᠤᠴᠠ ᠨᠢ 80 ᠺᠢᠯᠤᠮᠧᠲᠷ / ᠴᠠᠬ ᠲᠤ ᠬᠦᠷᠴᠤ᠂ ᠬᠠᠮᠤᠬ ᠤᠨ ᠤᠯᠠᠨ ᠳᠤ ᠪᠠᠨ 2062 ᠠᠶᠠᠨᠴᠢᠨ ᠢ ᠪᠠᠭᠳᠠᠭᠠᠨ᠎ᠠ᠃ 1 ᠨᠤᠮᠧᠷᠲᠤ ᠱᠤᠭᠤᠮ ᠤᠨ ᠭᠠᠯᠳᠤ ᠲᠡᠷᠬᠡ ᠨᠢ ᠤᠳᠤᠬᠠᠨ ᠳᠤ ᠤᠯᠤᠰ ᠤᠨ ᠲᠤᠳᠤᠭᠠᠳᠤ ᠶᠢᠨ ᠬᠠᠮᠤᠬ ᠤᠨ ᠬᠦᠩᠬᠡᠨ ᠬᠦᠩᠬᠡᠨᠴᠠᠭᠠᠨ ᠤ ᠬᠠᠶᠢᠯᠤᠰᠢ ᠶᠢᠨ ᠵᠢᠮᠳᠤ ᠲᠡᠮᠦᠷ ᠵᠠᠮ ᠤᠨ ᠭᠠᠯᠳᠤ ᠲᠡᠷᠬᠡ ᠪᠠᠶᠢᠵᠦ᠂ ᠭᠠᠯᠳᠤ ᠲᠡᠷᠬᠡ ᠶᠢᠨ ᠠᠶᠠᠯᠠᠬᠤ ᠶᠠᠪᠤᠴᠠ ᠳᠠᠬᠢ ᠡᠨᠧᠷᠬᠢ ᠶᠢᠨ ᠬᠤᠷᠤᠬᠳᠡᠯ ᠢ ᠶᠡᠭᠡ ᠪᠠᠷ ᠪᠠᠭᠠᠰᠬᠠᠬᠤ ᠶᠢᠨ ᠬᠠᠮᠳᠤ᠂ ᠭᠠᠵᠠᠷ ᠲᠤᠤᠷᠠᠬᠢ ᠲᠡᠮᠦᠷ ᠵᠠᠮ ᠤᠨ ᠵᠢᠮ ᠬᠢᠬᠡᠳ ᠭᠠᠯᠳᠤ ᠲᠡᠷᠬᠡ ᠶᠢᠨ ᠦᠷᠦᠯᠳᠡ ᠶᠢ ᠪᠠᠭᠠᠰᠬᠠᠵᠦ᠂ ᠭᠠᠯᠳᠤ ᠲᠡᠷᠬᠡ ᠨᠢ ᠪᠠᠰᠠ ᠤᠯᠤᠰ ᠤᠨ ᠲᠤᠳᠤᠭᠠᠳᠤ ᠳᠤ ᠲᠦᠷᠦᠬᠦᠦ ᠤᠳᠠᠭ᠎ᠠ ᠳᠠᠩ ᠠᠭᠠᠷ ᠲᠤᠬᠢᠷᠠᠭᠤᠯᠤᠬᠴᠢ ᠶᠢᠨ ᠮᠠᠰᠢᠨ ᠴᠤᠬᠴᠠᠯᠠᠪᠤᠷᠢ ᠶᠢᠨ ᠵᠢᠷᠤᠬ ᠲᠦᠯᠦᠪᠯᠡᠭᠡ ᠶᠢᠨ ᠲᠦᠰᠦᠯ ᠢ ᠬᠡᠷᠡᠭᠯᠡᠵᠦ᠂ ᠠᠭᠠᠷ ᠲᠤᠬᠢᠷᠠᠭᠤᠯᠤᠬᠴᠢ ᠶᠢᠨ ᠮᠠᠰᠢᠨ ᠴᠤᠬᠴᠠᠯᠠᠪᠤᠷᠢ ᠳᠤ ᠰᠢᠨ᠎ᠠ ᠬᠡᠯᠪᠡᠷᠢ ᠶᠢᠨ ᠦᠯᠢᠶᠡᠯᠳᠡ ᠶᠢᠨ ᠲᠦᠬᠦᠬᠡᠷᠦᠮᠵᠢ᠂ ᠲᠠᠪᠳᠠᠮᠵᠢᠳᠤ ᠡᠵᠡᠮᠳᠡᠬᠦᠷ ᠵᠡᠷᠬᠡ ᠲᠡᠷᠢᠬᠦᠨ ᠤ ᠮᠡᠷᠬᠡᠵᠢᠯ ᠢ ᠬᠡᠷᠡᠭᠯᠡᠵᠦ᠂ ᠠᠭᠠᠷ ᠲᠤᠬᠢᠷᠠᠭᠤᠯᠤᠬᠴᠢ ᠶᠢᠨ ᠲᠤᠯᠠᠭᠠᠨ ᠤ ᠬᠡᠮᠵᠢᠶ᠎ᠠ ᠶᠢ ᠴᠠᠬ ᠲᠤᠬᠠᠢ ᠳᠤ ᠨᠢ ᠡᠵᠡᠮᠳᠡᠵᠦ ᠲᠡᠶᠢᠯᠬᠦ ᠪᠤᠯᠤᠬᠰᠠᠨ ᠢᠶᠠᠷ ᠠᠶᠠᠨᠴᠢᠨ ᠤ ᠲᠤᠭ᠎ᠠ ᠶᠢ ᠦᠨᠳᠦᠰᠦᠯᠡᠨ ᠠᠭᠠᠷ ᠲᠤᠬᠢᠷᠠᠭᠤᠯᠤᠬᠴᠢ ᠶᠢᠨ ᠦᠯᠢᠶᠡᠯᠳᠡ ᠶᠢᠨ ᠬᠡᠮᠵᠢᠶ᠎ᠠ ᠶᠢ ᠲᠤᠬᠢᠷᠠᠭᠤᠯᠬᠤ ᠶᠢᠨ ᠤᠯᠠᠮ ᠢᠶᠠᠷ ᠠᠶᠠᠨᠴᠢᠳ ᠲᠤ ᠨᠡᠩ ᠲᠠᠭᠠᠯᠠᠮᠵᠢᠳᠠᠢ ᠤᠷᠴᠢᠨ ᠬᠠᠩᠭᠠᠬᠤ ᠶᠢᠨ ᠬᠠᠮᠳᠤ᠂ ᠡᠨᠧᠷᠬᠢ ᠶᠢᠨ ᠬᠤᠷᠤᠬᠳᠠᠯ ᠢ 20% ᠪᠠᠷ ᠪᠠᠭᠠᠰᠬᠠᠬᠤ ᠪᠤᠯᠤᠨ᠎ᠠ᠃ 4 ᠳ᠋ᠤᠭᠡᠷ ᠰᠠᠷ᠎ᠠ ᠶᠢᠨ ᠰᠡᠬᠦᠯᠴᠢ ᠪᠠᠷ᠂ 1ᠨᠤᠮᠧᠷᠳᠤ ᠱᠤᠭᠤᠮ ᠢ ᠪᠦᠬᠦ ᠱᠤᠭᠤᠮ ᠢᠶᠠᠷ ᠨᠢ ᠵᠢᠮ ᠢ ᠨᠡᠪᠲᠡᠷᠡᠬᠦᠯᠤᠨ᠂ 6 ᠳ᠋ᠤᠭᠠᠷ ᠰᠠᠷ᠎ᠠ ᠶᠢᠨ ᠲᠤᠮᠳᠠᠴᠢ ᠪᠠᠷ᠂ ᠪᠦᠬᠦ ᠱᠤᠭᠤᠮ ᠤᠨ ᠲᠡᠷᠬᠡᠨ ᠦᠷᠳᠡᠭᠡ ᠳᠤ 35KV ᠴᠠᠬᠢᠯᠭᠠᠨ ᠨᠡᠪᠲᠡᠷᠡᠬᠦᠯᠦᠨ᠂ 8 ᠳ᠋ᠤᠭᠠᠷ ᠰᠠᠷ᠎ᠠ ᠶᠢᠨ ᠰᠡᠬᠦᠯᠴᠢ ᠪᠠᠷ᠂ ᠲᠡᠷᠬᠡᠨ ᠦᠷᠳᠡᠭᠡ ᠶᠢ ᠵᠠᠰᠠᠵᠦ ᠴᠢᠮᠡᠭᠯᠡᠬᠦ ᠵᠢᠴᠢ ᠲᠦᠬᠦᠬᠡᠷᠦᠮᠵᠢ ᠤᠬᠰᠠᠷᠠᠬᠤ ᠠᠵᠢᠯ ᠢ ᠲᠠᠭᠤᠰᠬᠠᠨ᠂ 9 ᠳ᠋ᠤᠭᠡᠷ ᠰᠠᠷ᠎ᠠ ᠶᠢᠨ ᠰᠡᠬᠦᠯᠴᠢ ᠪᠠᠷ᠂ ᠶᠡᠷᠦᠩᠬᠡᠶᠢᠯᠡᠭᠰᠡᠨ ᠬᠤᠯᠪᠤᠭᠠᠯᠠᠨ ᠲᠤᠬᠢᠷᠠᠭᠤᠯᠵᠦ ᠲᠤᠷᠰᠢᠬᠤ ᠠᠵᠢᠯ ᠢ ᠲᠠᠭᠤᠰᠬᠠᠨ᠂ 12 ᠳ᠋ᠤᠭᠠᠷ ᠰᠠᠷ᠎ᠠ ᠶᠢᠨ ᠬᠤᠷᠢᠳ ᠢᠶᠠᠷ ᠪᠠᠷᠢᠯᠭ᠎ᠠ ᠲᠠᠭᠤᠰᠬᠠᠨ ᠰᠢᠯᠭᠠᠨ ᠬᠤᠷᠢᠶᠠᠵᠦ᠂ 12 ᠳ᠋ᠤᠭᠠᠷ ᠰᠠᠷ᠎ᠠ ᠶᠢᠨ 31 ᠡᠳᠦᠷ ᠪᠤᠯᠳᠠᠯ᠎ᠠ ᠲᠡᠷᠬᠡ ᠨᠡᠪᠲᠡᠷᠡᠬᠦᠯᠵᠦ ᠲᠤᠷᠰᠢᠨ ᠡᠵᠡᠩᠨᠡᠬᠦ ᠳᠤ ᠪᠡᠯᠡᠬᠡᠨ ᠃