ᠵᠤᠬᠢᠶᠠᠭᠴᠢ: 
							ᠴᠠᠭ:2018-12-20
							ᠥᠵᠡᠭᠰᠡᠨ :  ℃
                                                        ᠢᠷᠡᠯᠲᠡ: 
						
						
							ᠥᠪᠥᠷ ᠮᠣᠩᠭᠤᠯ ᠮᠠᠨᠵᠤ ᠬᠡᠯᠡᠨ ᠤ ᠡᠷᠲᠡᠨ ᠤ ᠨᠣᠮ ᠪᠢᠴᠢᠭ ᠳᠠᠩᠰᠠ ᠡᠪᠬᠡᠮᠡᠯ ᠢ ᠬᠠᠮᠠᠭᠠᠯᠠᠨ ᠡᠮᠬᠢᠳᠬᠡᠵᠦ ᠪᠣᠢ						
						
												 ᠣᠳᠣᠬᠠᠨ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠲᠡᠨ ᠤ ᠨᠣᠮ ᠪᠢᠴᠢᠭ ᠢ ᠬᠠᠮᠠᠭᠠᠯᠠᠬᠤ ᠠᠵᠢᠯᠲᠠᠳ ᠣᠳᠣ ᠶᠠᠭ ᠳᠠᠭᠤᠷ᠂ ᠡᠸᠡᠩᠬᠢ᠂ ᠣᠷᠴᠣᠨ ᠵᠡᠷᠭᠡ ᠬᠥᠮᠦᠨ ᠠᠮᠠ  ᠪᠠᠷ ᠴᠥᠭᠡᠪᠲᠦᠷ ᠭᠤᠷᠪᠠᠨ ᠦᠨᠳᠦᠰᠦᠲᠡᠨ ᠤ ᠮᠠᠨᠵᠤ ᠬᠡᠯᠡ ᠪᠠᠷ ᠪᠢᠴᠢᠭᠳᠡᠭᠰᠡᠨ ᠡᠷᠲᠡᠨ ᠤ ᠨᠣᠮ ᠪᠢᠴᠢᠭ ᠪᠣᠯᠣᠨ ᠲᠡᠦᠬᠡ ᠶᠢᠨ ᠳᠠᠩᠰᠠ ᠡᠪᠬᠡᠮᠡᠯ ᠢ ᠲᠥᠷᠬᠡᠨ ᠠᠪᠤᠷᠠᠬᠤ ᠴᠢᠨᠠᠷᠲᠠᠶ ᠪᠠᠷ ᠬᠠᠮᠠᠭᠠᠯᠠᠨ ᠡᠮᠬᠢᠯᠡᠵᠦ ᠪᠣᠢ᠃ 
 ᠳᠠᠭᠤᠷ᠂ ᠡᠸᠡᠩᠬᠢ᠂ ᠣᠷᠴᠣᠨ ᠦᠨᠳᠦᠰᠦᠲᠡᠨ ᠥᠪᠥᠷ ᠮᠣᠩᠭᠤᠯ ᠤᠨ ᠬᠥᠯᠥᠨ ᠪᠤᠶᠢᠷ ᠬᠤᠲᠠ ᠳᠤ ᠲᠥᠪᠯᠡᠷᠡᠨ ᠰᠠᠭᠤᠷᠢᠰᠢᠵᠤ ᠪᠣᠢ᠂ ᠰᠤᠷᠪᠤᠯᠵᠢᠯᠠᠭᠴᠢ ᠲᠤᠰ ᠬᠤᠲᠠ ᠶᠢᠨ ᠦᠨᠳᠦᠰᠦᠲᠡᠨ ᠤ ᠬᠡᠷᠡᠭ ᠡᠷᠭᠢᠯᠡᠬᠦ ᠵᠥᠪᠯᠡᠯ ᠠᠴᠠ ᠣᠶᠢᠯᠠᠭᠠᠭᠰᠠᠨ ᠢᠶᠠᠷ᠂ ᠣᠳᠣᠬᠠᠨ ᠳᠤ᠂ ᠴᠢᠩ ᠤᠯᠤᠰ ᠤᠨ ᠡᠬᠢᠨ ᠤ ᠦᠶᠡ ᠠᠴᠠ ᠳᠤᠮᠳᠠᠳᠤ ᠢᠷᠭᠡᠨ ᠤᠯᠤᠰ ᠤᠨ ᠰᠡᠭᠦᠯᠴᠢ ᠶᠢᠨ ᠦᠶᠡ ᠬᠦᠷᠲᠡᠯᠡᠬᠢ ᠮᠠᠨᠵᠤ ᠬᠡᠯᠡᠨ ᠤ ᠡᠷᠲᠡᠨ ᠤ ᠪᠢᠴᠢᠭ ᠮᠠᠲ᠋ᠧᠷᠢᠶᠠᠯ ᠪᠣᠯᠣᠨ ᠲᠡᠦᠬᠡ ᠶᠢᠨ ᠲᠠᠩᠰᠠ ᠡᠪᠬᠡᠮᠡᠯ ᠢ 420 ᠵᠣᠷᠪᠣᠰ 1794 ᠨᠢᠭᠤᠷ ᠪᠠᠶᠢᠴᠠᠭᠠᠨ ᠴᠤᠭᠯᠠᠭᠤᠯᠵᠠᠢ ᠂ ᠡᠳᠡᠭᠡᠷ ᠨᠢ ᠳᠠᠭᠤᠷ ᠂ ᠡᠸᠡᠩᠬᠢ᠂ ᠣᠷᠴᠣᠨ ᠵᠡᠷᠭᠡ ᠭᠤᠷᠪᠠᠨ ᠦᠨᠳᠦᠰᠦᠲᠡᠨ ᠤ ᠤᠯᠤᠰ ᠲᠥᠷᠥ᠂ ᠠᠵᠤ ᠠᠬᠤᠢ ᠂ ᠴᠡᠷᠢᠭ ᠤᠨ ᠶᠠᠪᠤᠳᠠᠯ᠂ ᠱᠠᠰᠢᠨ ᠰᠤᠷᠲᠠᠬᠤᠨ᠂ ᠰᠣᠶᠣᠯ ᠪᠣᠯᠪᠠᠰᠤᠷᠠᠯ ᠵᠡᠷᠭᠡ ᠲᠠᠯᠠ ᠪᠠᠷ ᠬᠢ ᠠᠭᠤᠯᠭᠠ ᠳᠤ ᠬᠤᠯᠪᠣᠭᠳᠠᠵᠤ ᠪᠠᠶᠢᠨᠠ᠃ 
 ᠡᠷᠲᠡᠨ ᠤ ᠨᠣᠮ ᠪᠢᠴᠢᠭ ᠢ ᠬᠠᠮᠠᠭᠠᠯᠠᠬᠤ ᠠᠵᠢᠯᠲᠠᠨ ᠨᠢᠭᠡᠨᠲᠡ ᠡᠳᠡᠭᠡᠷ ᠮᠠᠨᠵᠤ ᠬᠡᠯᠡᠨ ᠤ ᠡᠷᠲᠡᠨ ᠤ ᠪᠢᠴᠢᠭ ᠂ ᠳᠠᠩᠰᠠ ᠡᠪᠬᠡᠮᠡᠯ ᠪᠢᠴᠢᠭ ᠮᠠᠲ᠋ᠧᠷᠢᠶᠠᠯ ᠢ ᠡᠮᠬᠢᠳᠬᠡᠨ ᠨᠠᠶᠢᠷᠠᠭᠤᠯᠬᠤ ᠠᠵᠢᠯ ᠢ ᠥᠷᠨᠢᠭᠦᠯᠪᠡ᠃ ᠡᠭᠦᠨ ᠤ ᠬᠠᠮᠲᠤ᠂ ᠳᠤᠮᠳᠠᠳᠤ ᠢᠷᠭᠡᠨ ᠤᠯᠤᠰ ᠤᠨ ᠦᠶᠡ ᠳᠠᠬᠢ ᠳᠠᠭᠤᠷ ᠂ ᠡᠸᠡᠩᠬᠢ ᠂ ᠪᠤᠷᠢᠶᠠᠳ ᠮᠣᠩᠭᠤᠯ ᠵᠡᠷᠭᠡ ᠦᠨᠳᠦᠰᠦᠲᠡᠨ ᠤ ᠮᠠᠨᠵᠤ ᠬᠡᠯᠡᠨ ᠤ ᠲᠡᠦᠬᠡᠨ ᠳᠠᠩᠰᠠ ᠡᠪᠬᠡᠮᠡᠯ ᠢ ᠣᠷᠴᠢᠭᠤᠯᠤᠨ ᠡᠮᠬᠢᠳᠬᠡᠵᠦ ᠪᠣᠢ᠃ ᠣᠳᠣᠬᠠᠨ ᠳᠤ ᠂ ᠨᠢᠭᠡᠨᠲᠡ  ᠳᠤᠮᠳᠠᠳᠤ ᠢᠷᠭᠡᠨ ᠤᠯᠤᠰ ᠤᠨ ᠠᠷᠪᠠᠨ ᠵᠢᠷᠭᠤᠳᠤᠭᠠᠷ ᠣᠨ ᠤ ᠰᠣᠯᠣᠨ ᠪᠠᠷᠠᠭᠤᠨ ᠭᠠᠷᠤᠨ ᠳᠠᠷᠤᠭᠠ ᠪᠠᠶᠢᠯᠳᠤᠭᠴᠢᠳ ᠤᠨ ᠨᠡᠷᠡ ᠶᠢᠨ ᠪᠦᠷᠢᠳᠬᠡᠯ ᠵᠢᠴᠢ ᠬᠠᠮᠢᠶᠠ ᠪᠦᠬᠦᠢ ᠮᠠᠲ᠋ᠧᠷᠢᠶᠠᠯ  ᠵᠡᠷᠭᠡ ᠨᠣᠮ ᠪᠢᠴᠢᠭ ᠢ ᠡᠮᠬᠢᠯᠡᠨ ᠬᠡᠪᠯᠡᠪᠡ᠃  
 ᠥᠪᠥᠷ ᠮᠣᠩᠭᠤᠯ ᠤᠨ ᠵᠡᠭᠦᠨ ᠬᠡᠰᠡᠭ ᠲᠤ ᠣᠷᠣᠰᠢᠨ ᠠᠮᠢᠳᠤᠷᠠᠵᠤ ᠪᠠᠶᠢᠭᠠ ᠳᠠᠭᠤᠷ ᠂ ᠡᠸᠡᠩᠬᠢ ᠂ ᠣᠷᠴᠣᠨ ᠵᠡᠷᠭᠡ ᠦᠨᠳᠦᠰᠦᠲᠡᠨ ᠨᠢ ᠴᠥᠮ ᠥᠪᠡᠷ ᠤᠨ ᠢᠶᠠᠨ ᠦᠨᠳᠦᠰᠦᠲᠡᠨ ᠤ ᠦᠭᠡ ᠬᠡᠯᠡ ᠲᠠᠢ ᠶᠤᠮ  ᠴᠢᠩ ᠤᠯᠤᠰ ᠤᠨ ᠦᠶᠡ ᠠᠴᠠ ᠂ ᠶᠡᠬᠡᠩᠬᠢ ᠨᠢ ᠮᠠᠨᠵᠤ ᠪᠢᠴᠢᠭ ᠪᠤᠶᠤ ᠮᠣᠩᠭᠤᠯ ᠪᠢᠴᠢᠭ ᠢᠶᠠᠷ ᠲᠡᠤᠬᠡ ᠰᠣᠳᠣᠷ ᠢᠶᠠᠨ ᠪᠢᠴᠢᠵᠡᠢ᠃