ᠵᠤᠬᠢᠶᠠᠭᠴᠢ:
ᠴᠠᠭ:2019-04-11
ᠥᠵᠡᠭᠰᠡᠨ : ℃
ᠢᠷᠡᠯᠲᠡ:
ᠦᠪᠦᠷ ᠮᠤᠩᠭᠤᠯ ᠤᠮᠠᠷᠠᠳᠤ ᠬᠢᠯᠢ ᠶᠢ ᠪᠠᠬᠢᠵᠢᠭᠦᠯᠬᠦ ᠮᠢᠩᠭᠠᠨ ᠲᠦᠮᠡᠨ ᠮᠦ ᠠᠮᠢ ᠠᠬᠤᠢ ᠶᠢᠨ ᠬᠠᠯᠬᠠᠪᠴᠢ ᠶᠢ ᠪᠠᠶᠢᠭᠤᠯᠬᠤ ᠪᠠᠷ ᠪᠤᠢ

ᠠᠮᠢ ᠠᠬᠤᠢ ᠬᠡᠪᠡᠷᠡᠭ ᠭᠠᠵᠠᠷ ᠤᠷᠤᠨ ᠤ ᠲᠠᠯᠠᠪᠠᠢ ᠮᠦᠨ ᠬᠦ ᠨᠡᠯᠢᠶᠡᠳ ᠦᠷᠭᠡᠵᠢᠵᠦ ᠪᠠᠶᠢᠭ᠎ᠠ ᠪᠠᠶᠢᠳᠠᠯ ᠳᠤ ᠴᠢᠭᠯᠡᠭᠦᠯᠦᠨ᠂ ᠥᠨᠦ ᠵᠢᠯ ᠦᠪᠦᠷ ᠮᠤᠩᠭᠤᠯ ᠤᠢ ᠰᠢᠭᠤᠢ ᠪᠠ ᠨᠤᠲᠤᠭ ᠪᠡᠯᠴᠢᠭᠡᠷ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠪᠠᠷ ᠭᠤᠣᠯ ᠳᠠᠶᠢᠨ ᠤ ᠲᠠᠯᠠᠪᠤᠷ ᠪᠣᠯᠭᠠᠵᠤ᠂ ᠨᠤᠲᠤᠭ ᠪᠡᠯᠴᠢᠭᠡᠷ ᠢ ᠶᠡᠭᠡ ᠬᠡᠪᠴᠢᠶ᠎ᠡ ᠪᠠᠷ ᠨᠣᠭᠤᠭᠠᠷᠠᠭᠤᠯᠬᠤ ᠶᠢ ᠲᠦᠯᠬᠢᠨ ᠠᠬᠢᠭᠤᠯᠵᠣ᠂ 1290 ᠲᠦᠮᠡᠨ ᠮᠦ ᠣᠶᠢᠵᠢᠭᠤᠯᠬᠤ ᠡᠭᠦᠷᠭᠡ ᠶᠢ ᠪᠡᠶᠡᠯᠡᠭᠦᠯᠵᠣ᠂ ᠡᠬᠡ ᠤᠯᠤᠰ ᠤᠨ ᠤᠮᠠᠷᠠᠲᠤ ᠤᠷᠤᠨ ᠤ ᠴᠢᠬᠤᠯᠠ ᠠᠮᠢ ᠠᠬᠤᠢ ᠶᠢᠨ ᠠᠮᠤᠷ ᠲᠥᠪᠰᠢᠨ ᠬᠠᠯᠬᠠᠪᠴᠢ ᠶᠢ ᠪᠠᠬᠢᠵᠢᠭᠦᠯᠬᠦ ᠪᠠᠷ ᠲᠦᠯᠦᠪᠯᠡᠵᠦ ᠪᠠᠶᠢᠨ᠎ᠠ᠃
ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠪᠣᠯ ᠳᠤᠮᠳᠠᠳᠤ ᠤᠯᠤᠰ ᠤᠨ ᠵᠡᠭᠦᠨ ᠬᠤᠶᠢᠲᠦ ᠤᠷᠤᠨ᠂ ᠤᠮᠠᠷᠠᠲᠤ ᠤᠷᠤᠨ ᠪᠤᠯᠤᠨ ᠪᠠᠷᠠᠭᠤᠨ ᠬᠤᠶᠢᠲᠤ ᠤᠷᠤᠨ ᠢ ᠰᠤᠨᠳᠠᠯᠠᠵᠤ᠂ ᠳᠤᠮᠳᠠᠳᠤ ᠤᠯᠤᠰ ᠤᠨ ᠤᠮᠠᠷᠠᠲᠤ ᠤᠷᠤᠨ ᠤ ᠲᠠᠯᠠᠪᠠᠢ ᠪᠠᠷ ᠬᠠᠮᠤᠭ ᠤᠨ ᠶᠡᠭᠡ᠂ ᠲᠦᠷᠦᠯ ᠵᠦᠢᠯ ᠢᠶᠠᠷ ᠬᠠᠮᠤᠭ ᠤᠨ ᠪᠦᠷᠢᠨ ᠠᠮᠢ ᠠᠬᠤᠢ ᠶᠢᠨ ᠴᠢᠳᠠᠮᠵᠢᠳᠤ ᠤᠷᠤᠨ ᠪᠤᠯᠤᠨ᠎ᠠ᠃
ᠪᠦᠬᠦ ᠤᠯᠤᠰ ᠲᠤ ᠴᠢᠬᠤᠯᠠ ᠠᠮᠢ ᠠᠬᠤᠢ ᠶᠢᠨ ᠪᠠᠶᠢᠷᠢ ᠰᠠᠭᠤᠷᠢ ᠶᠢ ᠡᠵᠡᠯᠡᠵᠦ ᠪᠠᠶᠢᠬᠤ ᠪᠣᠯᠬᠤᠷ᠂ ᠦᠪᠦᠷ ᠮᠤᠩᠭᠤᠯ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠡᠭᠦᠷᠭᠡ ᠬᠦᠨᠳᠦ ᠨᠦᠰᠡᠷ ᠪᠠᠶᠢᠳᠠᠭ᠂ ᠤᠶᠢᠷ᠎ᠠ ᠶᠢᠨ ᠵᠢᠯ ᠤᠳ ᠲᠤ ᠤᠢ ᠰᠢᠭᠤᠢ ᠶᠢᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠡᠭᠦᠷᠭᠡ ᠶᠢ ᠵᠢᠯ ᠪᠦᠷᠢ 1000 ᠭᠠᠷᠤᠢ ᠲᠦᠮᠡᠨ ᠮᠦ ᠪᠡᠶᠡᠯᠡᠭᠦᠯᠵᠦ᠂ ᠪᠦᠬᠦ ᠤᠯᠤᠰ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠶᠡᠷᠦᠩᠬᠡᠢ ᠡᠭᠦᠷᠭᠡ ᠶᠢᠨ ᠶᠢᠰᠦᠨ ᠤ ᠨᠢᠭᠡ ᠬᠤᠪᠢ ᠶᠢ ᠡᠵᠡᠯᠡᠪᠡ᠃
ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶᠠᠨ ᠳᠠᠷᠤᠭ᠎ᠠ ᠮᠦ ᠶᠤᠸᠠᠨ ᠤ ᠲᠠᠨᠢᠯᠴᠠᠭᠤᠯᠤᠭᠰᠠᠨ ᠢᠶᠠᠷ᠂ ᠦᠪᠦᠷ ᠮᠤᠩᠭᠤᠯ ᠠᠭᠤᠯᠠ ᠤᠰᠤ ᠤᠢ ᠲᠠᠷᠢᠶ᠎ᠠ ᠨᠠᠭᠤᠷ ᠪᠡᠯᠴᠢᠭᠡᠷ ᠤᠨ ᠰᠢᠰᠲ᠋ᠧᠮᠲᠦ ᠵᠠᠰᠠᠯᠲᠠ ᠶᠢ ᠨᠢᠭᠡᠳᠦᠯᠲᠡᠢ ᠲᠦᠯᠦᠪᠵᠢᠭᠦᠯᠵᠦ᠂ ᠭᠤᠷᠪᠠᠨ ᠤᠮᠠᠷᠠᠲᠤ ᠶᠢᠨ ᠬᠠᠯᠬᠠᠪᠴᠢ ᠣᠢ ᠶᠢᠨ ᠰᠢᠰᠲ᠋ᠧᠮᠲᠦ ᠪᠦᠲᠦᠭᠡᠨ ᠪᠠᠶᠢᠭᠤᠯᠤᠯᠲᠠ᠂ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢᠨ ᠵᠠᠰᠠᠯᠲᠠ᠂ ᠪᠠᠶᠢᠭᠠᠯᠢᠯᠢᠭ ᠣᠢ ᠶᠢᠨ ᠬᠠᠮᠠᠭᠠᠯᠠᠯᠲᠠ᠂ ᠪᠠᠶᠢᠭᠠᠯᠢᠯᠢᠭ ᠨᠤᠲᠤᠭ ᠪᠡᠯᠴᠢᠭᠡᠷ ᠲᠤ ᠲᠠᠷᠢᠶᠠᠯᠠᠬᠤ ᠪᠡᠯᠴᠢᠭᠡᠷᠯᠡᠭᠦᠯᠬᠦ ᠶᠢ ᠵᠣᠭᠰᠤᠭᠠᠵᠣ ᠡᠪᠡᠰᠦ ᠮᠤᠲᠤ ᠲᠠᠷᠢᠬᠤ ᠵᠡᠷᠭᠡ ᠤᠯᠤᠰ ᠤᠨ ᠭᠤᠣᠯᠳᠠᠯᠭ᠎ᠠ ᠲᠠᠢ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠢᠨᠵᠧᠨᠧᠷᠢᠩ ᠢ ᠦᠷᠭᠦᠯᠵᠢᠯᠡᠨ ᠵᠤᠬᠢᠶᠠᠨ ᠬᠡᠷᠡᠭᠵᠢᠭᠦᠯᠵᠣ᠂ ᠭᠤᠣᠯᠳᠠᠯᠭ᠎ᠠ ᠲᠠᠢ ᠤᠷᠤᠨ ᠪᠦᠰᠡ ᠶᠢᠨ ᠨᠤᠭᠤᠭᠠᠷᠠᠭᠤᠯᠤᠯᠲᠠ ᠪᠤᠯᠤᠨ ᠮᠤᠨᠠ ᠠᠭᠤᠯᠠ ᠶᠢ ᠨᠤᠭᠤᠭᠠᠷᠠᠭᠤᠯᠬᠤ ᠢᠨᠵᠧᠨᠧᠷᠢᠩ ᠢ ᠯᠠᠪᠳᠠᠭᠤᠨ ᠪᠠᠲᠤᠲᠠᠢ ᠲᠦᠯᠬᠢᠨ ᠠᠬᠢᠭᠤᠯᠵᠤ᠂ ᠪᠦᠬᠦ ᠵᠢᠯ ᠳᠤ 1290 ᠲᠦᠮᠡᠨ ᠮᠦ ᠣᠶᠢᠵᠢᠭᠤᠯᠬᠤ ᠪᠠ 3000 ᠲᠦᠮᠡᠨ ᠮᠦ ᠡᠪᠡᠰᠦ ᠲᠠᠷᠢᠬᠤ ᠪᠠᠷ ᠲᠦᠯᠦᠪᠯᠡᠵᠦ ᠪᠣᠢ᠃
ᠦᠪᠦᠷ ᠮᠤᠩᠭᠤᠯ ᠡᠯᠡᠰᠦᠷᠬᠡᠭ ᠭᠠᠵᠠᠷ ᠤᠨ ᠵᠠᠰᠠᠯᠲᠠ ᠶᠢ ᠴᠢᠩᠭᠠᠳᠬᠠᠵᠤ᠂ ᠬᠤᠷᠴᠢᠨ ᠤ ᠡᠯᠡᠰᠦᠷᠬᠡᠭ ᠭᠠᠵᠠᠷ ᠤᠨ ᠵᠠᠭᠤᠨ ᠲᠦᠮᠡᠨ ᠮᠦ ᠬᠠᠯᠬᠠᠪᠴᠢ ᠣᠢ ᠶᠢᠨ ᠰᠠᠭᠤᠷᠢᠨ ᠭᠠᠵᠠᠷ ᠤᠨ ᠪᠠᠶᠢᠭᠤᠯᠤᠯᠲᠠ ᠶᠢ ᠰᠠᠶᠢᠲᠤᠷ ᠬᠡᠷᠡᠭᠵᠢᠭᠦᠯᠬᠦ ᠪᠠᠷ ᠪᠠᠶᠢᠨ᠎ᠠ᠃ ᠬᠤᠯᠠᠨ ᠲᠠᠭ᠎ᠠ ᠶᠢᠨ ᠂ ᠦᠵᠦᠮᠦᠴᠢᠨ ᠤ ᠡᠯᠡᠰᠦᠷᠬᠡᠭ ᠭᠠᠵᠠᠷ ᠤᠨ ᠬᠦᠨᠳᠦ ᠨᠤᠴᠢᠲᠠᠢ ᠬᠦᠨᠦᠭᠡᠭᠳᠡᠭᠰᠡᠨ ᠤᠷᠤᠨ ᠪᠦᠰᠡ ᠶᠢᠨ ᠵᠠᠰᠠᠯᠲᠠ ᠶᠢ ᠦᠷᠭᠦᠯᠵᠢᠯᠡᠨ ᠠᠬᠢᠭᠤᠯᠵᠤ᠂ ᠬᠤᠯᠠᠨ ᠲᠠᠭ᠎ᠠ ᠶᠢᠨ ᠶᠢᠨ ᠬᠡᠪᠴᠢᠶᠡᠵᠢᠭᠰᠡᠨ ᠣᠢ ᠰᠢᠭᠤᠢ ᠶᠢᠨ ᠲᠠᠯᠠᠪᠠᠢ ᠶᠢᠨ ᠪᠦᠲᠦᠭᠡᠨ ᠪᠠᠶᠢᠭᠤᠯᠤᠯᠲᠠ ᠶᠢ ᠢᠳᠡᠪᠬᠢᠲᠡᠢ ᠠᠬᠢᠭᠤᠯᠤᠨ᠎ᠠ᠃ ᠡᠯᠡᠰᠦᠷᠬᠡᠭᠵᠢᠵᠦ ᠲᠠᠴᠢᠷᠳᠠᠭᠰᠠᠨ ᠪᠡᠯᠴᠢᠭᠡᠷ ᠢ ᠵᠠᠰᠠᠬᠤ᠂ ᠨᠢᠭᠡᠨᠲᠡ ᠬᠠᠭᠠᠯᠪᠤᠷᠢᠯᠠᠭᠰᠠᠨ ᠨᠤᠲᠤᠭ ᠪᠡᠯᠴᠢᠭᠡᠷ ᠲᠤ ᠲᠠᠷᠢᠶᠠᠯᠠᠬᠤ ᠶᠢ ᠵᠣᠭᠰᠤᠭᠠᠵᠤ ᠡᠪᠡᠰᠦ ᠲᠠᠷᠢᠬᠤ᠂ ᠠᠵᠤ ᠦᠢᠯᠡᠳᠪᠦᠷᠢ ᠠᠭᠤᠷᠬᠠᠢ ᠶᠢᠨ ᠤᠷᠤᠨ ᠤ ᠠᠮᠢ ᠠᠬᠤᠢ ᠶᠢ ᠰᠡᠷᠭᠦᠭᠡᠬᠦ ᠪᠠ ᠬᠠᠳᠤᠯᠠᠩ ᠤᠨ ᠥᠩ ᠰᠢᠮ᠎ᠡ ᠶᠢ ᠳᠡᠭᠡᠭᠰᠢᠯᠡᠭᠦᠯᠬᠦ ᠵᠡᠷᠭᠡ ᠨᠤᠲᠤᠭ ᠪᠡᠯᠴᠢᠭᠡᠷ ᠤᠨ ᠠᠮᠢ ᠠᠬᠤᠢ ᠶᠢ ᠰᠡᠷᠭᠦᠭᠡᠬᠦ ᠠᠵᠢᠯ ᠢ ᠦᠷᠨᠢᠭᠦᠯᠵᠦ᠂ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠡᠵᠡᠩᠨᠡᠯᠲᠡ ᠶᠢᠨ ᠬᠡᠯᠪᠡᠷᠢ ᠶᠢ ᠬᠤᠪᠢᠷᠠᠭᠤᠯᠬᠤ ᠶᠢ ᠠᠬᠢᠭᠤᠯᠵᠤ᠂ ᠬᠦᠮᠦᠨ ᠠᠮᠢᠲᠠᠨ ᠪᠡᠯᠴᠢᠭᠡᠷ ᠮᠠᠯ ᠰᠦᠷᠦᠭ ᠢ ᠵᠣᠬᠢᠴᠠᠩᠭᠤᠢ ᠬᠦᠭᠵᠢᠭᠦᠯᠬᠦ ᠰᠢᠨ᠎ᠡ ᠪᠠᠶᠢᠷᠢᠰᠢᠯ ᠢ ᠪᠤᠢ ᠪᠤᠯᠭᠠᠨ᠎ᠠ᠃