ᠵᠤᠬᠢᠶᠠᠭᠴᠢ:
ᠴᠠᠭ:2025-03-28
ᠥᠵᠡᠭᠰᠡᠨ : ℃
ᠢᠷᠡᠯᠲᠡ: ᠥᠪᠥᠷ ᠮᠣᠩᠭᠤᠯ ᠤᠨ ᠵᠠᠰᠠᠭ ᠤᠨ ᠣᠷᠳᠣᠨ
ᠬᠥᠯᠥᠨ ᠪᠤᠶᠢᠷ ᠬᠤᠲᠠ ᠣᠨᠣᠴᠠᠲᠠᠶ ᠪᠠᠷ ᠠᠷᠭ᠎ᠠ ᠪᠣᠳᠣᠯᠭ᠎ᠠ ᠬᠡᠷᠡᠭᠵᠢᠭᠦᠯᠵᠦ ᠮᠠᠯᠴᠢᠨ ᠲᠠᠷᠢᠶᠠᠴᠢᠨ ᠬᠦᠴᠦ ᠶᠠᠪᠤᠭᠰᠠᠳ ᠢ ᠰᠢᠯᠵᠢᠭᠦᠯᠦᠨ ᠠᠵᠢᠯ ᠣᠯᠬᠤ ᠶᠢ ᠨᠢ ᠠᠬᠢᠭᠤᠯᠵᠤ ᠪᠣᠢ
ᠬᠥᠯᠥᠨ ᠪᠤᠶᠢᠷ ᠬᠤᠲᠠ ᠣᠨᠣᠴᠠᠲᠠᠶ ᠪᠠᠷ ᠠᠷᠭ᠎ᠠ ᠪᠣᠳᠣᠯᠭ᠎ᠠ ᠬᠡᠷᠡᠭᠵᠢᠭᠦᠯᠵᠦ ᠮᠠᠯᠴᠢᠨ ᠲᠠᠷᠢᠶᠠᠴᠢᠨ ᠬᠦᠴᠦ ᠶᠠᠪᠤᠭᠰᠠᠳ ᠢ ᠰᠢᠯᠵᠢᠭᠦᠯᠦᠨ ᠠᠵᠢᠯ ᠣᠯᠬᠤ ᠶᠢ ᠨᠢ ᠠᠬᠢᠭᠤᠯᠵᠤ ᠪᠠᠶᠢᠨ᠎ᠠ᠃《ᠮᠠᠯ ᠠᠵᠤ ᠠᠬᠤᠶ + ᠵᠢᠭᠤᠯᠴᠢᠯᠠᠯ》 ᠤᠨ ᠡᠵᠡᠩᠨᠡᠯᠲᠡ ᠶᠢᠨ ᠬᠡᠪ ᠵᠠᠭᠪᠤᠷ᠂ ᠮᠠᠯ ᠠᠵᠤ ᠠᠬᠤᠶ ᠶᠢᠨ ᠰᠢᠨ᠎ᠡ ᠡᠵᠡᠩᠨᠡᠯᠲᠡ ᠶᠢᠨ ᠪᠠᠶᠢᠳᠠᠯ ᠵᠢᠴᠢ ᠡᠯᠧᠺᠲᠷᠣᠨ ᠬᠤᠳᠠᠯᠳᠤᠭ᠎ᠠ ᠵᠡᠷᠭᠡ ᠠᠵᠤ ᠦᠢᠯᠡᠰ ᠢ ᠰᠦᠪᠡᠭᠴᠢᠯᠡᠨ ᠬᠥᠭᠵᠢᠭᠦᠯᠵᠦ᠂ ᠮᠠᠯᠵᠢᠬᠤ ᠣᠷᠣᠨ ᠤ ᠰᠢᠨ᠎ᠡ ᠨᠢᠭᠡᠨ ᠦᠶ᠎ᠡ ᠶᠢᠨ ᠮᠠᠯᠴᠢᠳ ᠤᠨ ᠨᠤᠲᠤᠭ ᠤᠰᠤᠨ ᠳᠤ ᠪᠠᠨ ᠠᠵᠢᠯ ᠣᠯᠵᠤ ᠦᠢᠯᠡᠰ ᠪᠣᠰᠬᠠᠬᠤ ᠶᠢ ᠵᠣᠷᠢᠭᠵᠢᠭᠤᠯᠪᠠ᠃ ᠵᠡᠭᠦᠨ ᠪᠠᠷᠠᠭᠤᠨ ᠣᠷᠣᠨ ᠤ ᠬᠠᠮᠵᠢᠯᠴᠠᠭ᠎ᠠ︵ᠪᠡᠭᠡᠵᠢᠩ ᠥᠪᠥᠷ ᠮᠣᠩᠭᠤᠯ ᠤᠨ ᠬᠠᠮᠵᠢᠯᠴᠠᠭ᠎ᠠ︶ ᠵᠡᠷᠭᠡ ᠶᠢ ᠠᠰᠢᠭᠯᠠᠨ 33 ᠭᠠᠵᠠᠷ ᠣᠷᠣᠨ ᠯᠤᠭ᠎ᠠ ᠬᠥᠳᠡᠯᠮᠦᠷᠢ ᠦᠢᠯᠡᠴᠢᠯᠡᠭᠡᠨ ᠤ ᠬᠠᠮᠵᠢᠯᠴᠠᠭᠠᠨ ᠤ ᠬᠠᠷᠢᠴᠠᠭ᠎ᠠ ᠪᠠᠶᠢᠭᠤᠯᠵᠤ᠂ ᠲᠠᠷᠢᠶᠠᠴᠢᠳ ᠲᠤ ᠳᠥᠭᠦᠮ ᠳᠥᠲᠡ ᠠᠵᠢᠯ ᠡᠷᠢᠬᠦ ᠠᠷᠭ᠎ᠠ ᠵᠠᠮ ᠬᠠᠩᠭᠠᠪᠠ᠃ ᠣᠳᠣᠬᠠᠨ ᠪᠣᠯᠲᠠᠯ᠎ᠠ᠂ ᠪᠥᠬᠦ ᠬᠤᠲᠠ ᠳᠤ 6.8 ᠲᠦᠮᠡᠨ ᠮᠠᠯᠴᠢᠨ ᠲᠠᠷᠢᠶᠠᠴᠢᠨ ᠬᠦᠴᠦ ᠶᠠᠪᠤᠭᠰᠠᠳ ᠢ ᠰᠢᠯᠵᠢᠭᠦᠯᠦᠨ ᠠᠵᠢᠯ ᠣᠯᠭᠤᠵᠤ᠂ 2025 ᠣᠨ ᠤ ᠬᠠᠷᠠᠯᠲᠠ ᠡᠭᠦᠷᠭᠡ ᠪᠠᠨ 115.34% ᠪᠡᠶᠡᠯᠡᠭᠦᠯᠪᠡ᠃