ᠵᠤᠬᠢᠶᠠᠭᠴᠢ: 
							ᠴᠠᠭ:2021-12-03
							ᠥᠵᠡᠭᠰᠡᠨ :  ℃
                                                        ᠢᠷᠡᠯᠲᠡ:         
						
						
							ᠲᠥᠪ ᠡᠴᠡ ᠠᠷᠠᠳ ᠲᠦᠮᠡᠨ ᠦ ᠢᠯᠠᠯᠲᠠ ᠶᠢᠨ ᠠᠯᠪᠠᠨ ᠵᠢᠭᠡᠯᠡᠯᠭᠡ ᠲᠠᠷᠬᠠᠭᠠᠬᠤ ᠪᠠᠷ ᠲᠣᠭᠲᠠᠪᠠ						
						
						 
1949 ᠣᠨ ᠤ 12  ᠰᠠᠷᠠ ᠶᠢᠨ 2 ᠡᠳᠦᠷ  ᠠᠷᠠᠳ ᠤᠨ ᠳᠠᠢᠢᠨ ᠢᠯᠠᠯᠲᠠ ᠤᠯᠬᠤ ᠶᠢ ᠳᠠᠭᠠᠯᠳᠤᠨ  ᠥᠷᠭᠡᠨ ᠠᠭᠤᠳᠠᠮ ᠭᠠᠵᠠᠷ ᠣᠷᠣᠨ ᠴᠢᠯᠥᠭᠡᠯᠡᠭᠳᠡᠵᠦ  ᠵᠠᠰᠠᠭ ᠤᠨ ᠣᠷᠳᠣᠨ ᠤ ᠡᠳ᠋ ᠦᠨ ᠵᠠᠰᠠᠭ ᠤᠨ ᠵᠠᠷᠤᠯᠭᠠ ᠶᠡᠬᠡ ᠪᠡᠷ    ᠡᠳ᠋ ᠦᠨ ᠵᠠᠰᠠᠭ ᠤᠨ ᠣᠷᠣᠯᠭᠠ   ᠵᠠᠷᠤᠯᠭᠠ ᠶᠢᠨ ᠬᠡᠷᠡᠭᠴᠡᠭᠡ ᠶᠢ ᠬᠥᠭᠡᠭᠡᠵᠦ ᠭᠦᠢᠴᠡᠬᠦ ᠦᠭᠡᠢ ᠪᠣᠯᠪᠠ᠃ ᠡᠨᠡ ᠬᠦ ᠬᠦᠴᠢᠷ ᠪᠡᠷᠬᠡᠰᠢᠶᠡᠯ ᠢ ᠢᠯᠠᠨ ᠳᠠᠪᠠᠬᠤ ᠶᠢᠨ ᠲᠥᠯᠥᠭᠡ  ᠠᠷᠠᠳ ᠤᠨ ᠲᠥᠪ ᠵᠠᠰᠠᠭ ᠤᠨ ᠣᠷᠳᠣᠨ ᠳᠥᠷᠪᠡᠳᠦᠭᠡᠷ ᠤᠳᠠᠭᠠ ᠶᠢᠨ ᠬᠤᠷᠠᠯ ᠬᠤᠷᠠᠯᠳᠤᠭᠤᠯᠪᠠ᠃ ᠬᠤᠷᠠᠯ ᠠᠴᠠ 1950 ᠣᠨ ᠳᠤ ᠠᠷᠠᠳ ᠲᠦᠮᠡᠨ ᠦ ᠢᠯᠠᠯᠲᠠ ᠪᠠᠷ  ᠠᠯᠪᠠᠨ ᠵᠢᠭᠡᠯᠡᠯᠭᠡ  ᠲᠠᠷᠬᠠᠭᠠᠵᠤ  ᠵᠢᠯ ᠦᠨ ᠡᠳ᠋ ᠦᠨ ᠵᠠᠰᠠᠭ ᠤᠨ ᠤᠯᠠᠭᠠᠨ ᠲᠣᠭᠠ ᠶᠢ ᠨᠥᠬᠥᠪᠥᠷᠢᠯᠡᠬᠦ ᠪᠡᠷ ᠲᠣᠭᠲᠠᠪᠠ᠃ ᠡᠭᠦᠨ ᠢ ᠦᠨᠳᠦᠰᠦᠯᠡᠨ  ᠵᠠᠰᠠᠭ ᠤᠨ ᠶᠠᠪᠤᠳᠠᠯ ᠤᠨ ᠬᠣᠷᠢᠶᠠ 《 1950 ᠣᠨ ᠤ ᠠᠩᠬᠠᠳᠤᠭᠠᠷ ᠬᠤᠭᠤᠴᠠᠭᠠᠨ ᠤ ᠠᠷᠠᠳ ᠤᠨ ᠢᠯᠠᠯᠲᠠ ᠶᠢᠨ ᠠᠯᠪᠠᠨ ᠵᠢᠭᠡᠯᠡᠯᠭᠡ ᠶᠢ ᠲᠠᠷᠬᠠᠭᠠᠬᠤ ᠲᠤᠬᠠᠶ ᠵᠢᠭᠠᠪᠤᠷᠢ 》 ᠨᠡᠶᠢᠲᠡᠯᠡᠪᠡ᠃   ᠪᠦᠯᠦᠭ ᠠᠯᠪᠠᠨ ᠵᠢᠭᠡᠯᠡᠯᠭᠡ ᠶᠢ ᠴᠤᠭᠯᠠᠭᠤᠯᠬᠤ ᠪᠠ ᠡᠬᠡ ᠬᠦᠦ ᠶᠢ ᠨᠢ ᠪᠤᠴᠠᠭᠠᠬᠤ ᠳᠤ ᠴᠥᠮ ᠪᠣᠳᠠᠲᠤ ᠶᠠᠭᠤᠮᠠ ᠪᠠᠷ ᠪᠤᠳᠤᠬᠤ ᠪᠠᠷᠢᠮᠵᠢᠶᠠ ᠪᠣᠯᠭᠠᠵᠤ  ᠨᠢᠭᠡᠴᠢ ᠶᠢ ᠨᠢ 《 ᠬᠤᠪᠢ 》 ᠭᠡᠵᠦ ᠲᠣᠭᠲᠠᠭᠠᠪᠠ ( ᠬᠤᠪᠢ ᠪᠦᠷᠢ ᠳᠦ ᠠᠭᠤᠯᠤᠭᠳᠠᠵᠤ ᠪᠠᠶᠢᠭᠠ ᠪᠣᠳᠠᠲᠤ ᠶᠠᠭᠤᠮᠠ ᠭᠡᠪᠡᠯ ᠄ ᠲᠤᠲᠤᠷᠭᠠ 6 ᠵᠢᠩ     1.5 ᠵᠢᠩ  ᠴᠠᠭᠠᠨ  ᠪᠦᠰ 4 ᠲᠤᠬᠤᠢ  ᠨᠡᠭᠦᠷᠡᠰᠦ 16 ᠵᠢᠩ )᠃ ᠠᠯᠪᠠᠨ ᠵᠢᠭᠡᠯᠡᠯᠭᠡ ᠶᠢ 2 ᠳ᠋ᠦᠩᠰᠢᠭᠤᠷ ᠬᠤᠪᠢ ᠪᠠᠷ 1950 ᠣᠨ ᠳᠤ ᠬᠤᠭᠤᠴᠠᠭᠠ ᠬᠤᠪᠢᠶᠠᠨ ᠲᠠᠷᠬᠠᠭᠠᠪᠠ᠃ ᠠᠯᠪᠠᠨ ᠵᠢᠭᠡᠯᠡᠯᠭᠡ ᠶᠢ 5 ᠵᠢᠯ ᠬᠤᠪᠢᠶᠠᠨ ᠲᠦᠯᠦᠵᠦ  ᠵᠢᠯ ᠦᠨ ᠬᠦᠦ ᠨᠢ 5 ᠯᠢ ᠪᠣᠯᠤᠨᠠ᠃