ᠵᠤᠬᠢᠶᠠᠭᠴᠢ: 
							ᠴᠠᠭ:2021-12-16
							ᠥᠵᠡᠭᠰᠡᠨ :  ℃
                                                        ᠢᠷᠡᠯᠲᠡ:         
						
						
							ᠲᠠᠶᠢᠸᠠᠨ ᠬᠣᠭᠣᠯᠠᠶ ᠶᠢᠨ ᠬᠣᠶᠠᠷ  ᠶᠢᠨ ᠬᠠᠷᠢᠴᠠᠭᠠᠨ ᠤ ᠨᠡᠶᠢᠭᠡᠮᠯᠢᠭ ᠪᠡᠭᠡᠵᠢᠩ ᠳᠦ ᠪᠠᠶᠢᠭᠤᠯᠤᠭᠳᠠᠪᠠ						
						
						 
1991 ᠣᠨ ᠤ 12  ᠰᠠᠷᠠ ᠶᠢᠨ 16  ᠤ ᠡᠳᠦᠷ ᠂ ᠲᠠᠶᠢᠸᠠᠨ ᠬᠣᠭᠣᠯᠠᠢ ᠶᠢᠨ ᠬᠣᠶᠠᠷ  ᠶᠢᠨ ᠬᠠᠷᠢᠴᠠᠭᠠᠨ ᠤ ᠨᠡᠶᠢᠭᠡᠮᠯᠢᠭ ᠪᠡᠭᠡᠵᠢᠩ ᠳᠦ ᠪᠠᠶᠢᠭᠤᠯᠤᠭᠳᠠᠪᠠ᠃ ᠡᠨᠡ ᠪᠣᠯ ᠲᠠᠶᠢᠸᠠᠨ ᠬᠣᠭᠣᠯᠠᠢ ᠶᠢᠨ ᠬᠣᠶᠠᠷ  ᠶᠢᠨ ᠶᠠᠪᠤᠯᠴᠠᠭᠠ ᠶᠢ ᠠᠬᠢᠭᠤᠯᠬᠤ ᠂ ᠡᠬᠡ  ᠨᠢᠭᠡᠳᠦᠯ ᠢ ᠪᠡᠶᠡᠯᠡᠭᠦᠯᠬᠦ ᠪᠡᠷ ᠵᠣᠷᠢᠯᠲᠠ ᠪᠣᠯᠭᠠᠭᠰᠠᠨ ᠠᠷᠠᠳ ᠤᠨ ᠵᠣᠬᠢᠶᠠᠨ ᠪᠠᠶᠢᠭᠤᠯᠤᠯᠲᠠ ᠃ 《 ᠲᠠᠶᠢᠸᠠᠨ ᠬᠣᠭᠣᠯᠠᠢ ᠶᠢᠨ ᠬᠣᠶᠠᠷ  ᠶᠢᠨ ᠬᠠᠷᠢᠴᠠᠭᠠᠨ ᠤ ᠨᠡᠶᠢᠭᠡᠮᠯᠢᠭ ᠦᠨ ᠲᠦᠷᠢᠮ 》 ᠦᠨ ᠬᠣᠯᠪᠣᠭᠳᠠᠯ ᠪᠦᠬᠦᠢ ᠵᠦᠢᠯ ᠵᠤᠷᠪᠤᠰ ᠲᠤ ᠂ ᠨᠡᠶᠢᠭᠡᠮᠯᠢᠭ ᠦᠨ ᠵᠣᠷᠢᠯᠲᠠ ᠶᠢ ᠪᠡᠶᠡᠯᠡᠭᠦᠯᠬᠦ ᠶᠢᠨ ᠲᠥᠯᠥᠭᠡ ᠂ ᠨᠡᠶᠢᠭᠡᠮᠯᠢᠭ ᠨᠢ ᠲᠤᠰ ᠨᠡᠶᠢᠭᠡᠮᠯᠢᠭ ᠦᠨ ᠵᠣᠷᠢᠯᠲᠠ ᠶᠢ ᠵᠥᠪᠰᠢᠶᠡᠷᠡᠵᠦ ᠪᠠᠶᠢᠭᠠ ᠨᠡᠶᠢᠭᠡᠮ ᠦᠨ ᠪᠦᠯᠬᠦᠮ ᠪᠠ ᠡᠯᠡ ᠡᠲᠡᠭᠡᠳ ᠦᠨ ᠬᠥᠮᠦᠰ ᠯᠦᠭᠡ ᠶᠢᠨ ᠬᠠᠷᠢᠯᠴᠠᠭᠠ ᠪᠠ ᠬᠠᠮᠲᠤᠷᠠᠯᠴᠠᠭᠠ ᠪᠠᠨ ᠴᠢᠩᠭᠠᠳᠬᠠᠬᠤ ᠪᠠᠷ ᠬᠦᠴᠦᠯᠡᠨ ᠴᠢᠷᠮᠠᠶᠢᠨᠠ ᠭᠡᠵᠦ ᠲᠣᠭᠲᠠᠭᠠᠵᠠᠢ ᠃ ᠬᠣᠯᠪᠣᠭᠳᠠᠯ ᠪᠦᠬᠦᠢ ᠲᠠᠯᠠ ᠶᠢᠨ ᠬᠢᠨ ᠢ ᠬᠠᠮᠵᠢᠨ ᠲᠠᠶᠢᠸᠠᠨ ᠬᠣᠭᠣᠯᠠᠢ ᠶᠢᠨ ᠬᠣᠶᠠᠷ  ᠶᠢᠨ ᠡᠯᠡ ᠵᠦᠢᠯ ᠦᠨ ᠶᠠᠪᠤᠯᠴᠠᠭᠠ ᠪᠠ ᠰᠣᠯᠢᠯᠴᠠᠭᠠ ᠶᠢ ᠠᠬᠢᠭᠤᠯᠤᠨᠠ ᠃ ᠬᠣᠯᠪᠣᠭᠳᠠᠯ ᠪᠦᠬᠦᠢ ᠲᠠᠯᠠ ᠶᠢᠨ ᠬᠢᠨ ᠢ ᠬᠠᠮᠵᠢᠨ ᠲᠠᠶᠢᠸᠠᠨ ᠬᠣᠭᠣᠯᠠᠢ ᠶᠢᠨ ᠬᠣᠶᠠᠷ  ᠶᠢᠨ ᠠᠬᠠ ᠳᠡᠭᠦᠦ ᠨᠡᠷ ᠦᠨ ᠶᠠᠪᠤᠯᠴᠠᠭᠠ ᠶᠢᠨ ᠳᠤᠮᠳᠠᠬᠢ ᠠᠰᠠᠭᠤᠳᠠᠯ ᠢ ᠰᠢᠢᠳᠪᠦᠷᠢᠯᠡᠵᠦ ᠂ ᠲᠠᠶᠢᠸᠠᠨ ᠬᠣᠭᠣᠯᠠᠢ ᠶᠢᠨ ᠬᠣᠶᠠᠷ  ᠶᠢᠨ ᠠᠬᠠ ᠳᠡᠭᠦᠦ ᠨᠡᠷ ᠦᠨ ᠵᠦᠢ ᠶᠣᠰᠣᠨ ᠤ ᠡᠷᠬᠡ ᠠᠰᠢᠭ ᠢ ᠬᠠᠮᠠᠭᠠᠯᠠᠨᠠ᠃ ᠨᠡᠶᠢᠭᠡᠮᠯᠢᠭ ᠨᠢ ᠪᠠᠰᠠ ᠬᠣᠯᠪᠣᠭᠳᠠᠯ ᠪᠦᠬᠦᠢ ᠲᠠᠯᠠ ᠶᠢᠨ ᠨᠠᠶᠢᠳᠠᠯᠭᠠ ᠶᠢ ᠬᠦᠯᠢᠶᠡᠵᠦ ᠂ ᠲᠠᠶᠢᠸᠠᠨ ᠤ ᠬᠣᠯᠪᠣᠭᠳᠠᠯ ᠪᠦᠬᠦᠢ ᠰᠠᠯᠠᠭᠠ ᠮᠥᠴᠢᠷ ᠪᠠ ᠡᠷᠬᠡ ᠣᠯᠭᠣᠭᠰᠠᠨ ᠪᠦᠯᠬᠦᠮ ᠂ ᠬᠥᠮᠦᠰ  ᠲᠠᠶᠢᠸᠠᠨ ᠬᠣᠭᠣᠯᠠᠢ ᠶᠢᠨ ᠬᠣᠶᠠᠷ ᠲᠠᠯᠠ ᠶᠢᠨ ᠶᠠᠪᠤᠯᠴᠠᠭᠠᠨ ᠤ ᠳᠤᠮᠳᠠᠬᠢ ᠬᠣᠯᠪᠣᠭᠳᠠᠯ ᠪᠦᠬᠦᠢ ᠠᠰᠠᠭᠤᠳᠠᠯ ᠢ  ᠪᠥᠭᠡᠳ  ᠦᠨ ᠴᠢᠨᠠᠷᠲᠠᠢ ᠪᠢᠴᠢᠭ ᠮᠠᠲ᠋ᠧᠷᠢᠶᠠᠯ ᠲᠣᠭᠲᠠᠭᠠᠵᠤ ᠪᠣᠯᠤᠨᠠ  ᠃