ᠵᠤᠬᠢᠶᠠᠭᠴᠢ: 
							ᠴᠠᠭ:2021-09-16
							ᠥᠵᠡᠭᠰᠡᠨ :  ℃
                                                        ᠢᠷᠡᠯᠲᠡ:        
						
						
							 ᠬᠠᠷᠠᠰᠠᠯᠲᠤ ᠬᠡᠷᠡᠭ						
						
						1940 ᠣᠨ ᠤ 9  ᠰᠠᠷᠠ ᠶᠢᠨ 14  ᠦ ᠡᠳᠦᠷ   ᠶᠠᠫᠣᠨ ᠬᠠᠭᠤᠷᠮᠠᠭ ᠴᠡᠷᠢᠭ 《  ᠬᠣᠯᠪᠤᠭᠠ》 ᠶᠢᠨ ᠪᠠᠢᠴᠠᠭᠠᠬᠤ ᠬᠡᠯᠲᠡᠰ ᠭᠡᠨᠡᠳᠲᠡ ᠬᠦᠢᠰᠦ᠋ᠢ ᠵᠢᠨ ᠪᠠᠶᠠᠨᠲᠠᠯᠠ ᠶᠢᠨ ᠴᠢᠭᠤᠯᠭᠠᠨ ᠤ ᠪᠠᠭᠰᠢ ᠶᠢᠨ ᠰᠤᠷᠭᠠᠭᠤᠯᠢ ᠶᠢ ᠨᠡᠩᠵᠢᠵᠦ ᠂ ᠪᠦᠬᠦ ᠪᠠᠭᠰᠢ ᠰᠤᠷᠤᠭᠴᠢᠳ ᠢ ᠨᠡᠩᠵᠢᠪᠡ᠃ ᠯᠢᠦ ᠸᠧᠶ ᠪᠠᠷᠢᠪᠴᠢᠯᠠᠭᠳᠠᠨ ᠤᠷᠪᠠᠭᠰᠠᠨ ᠠᠴᠠ   ᠳᠤᠮᠳᠠᠳᠤ ᠤᠯᠤᠰ ᠤᠨ ᠡᠪ ᠬᠠᠮᠲᠤ ᠨᠠᠮ ᠤᠨ ᠬᠦᠢᠰᠦ᠋ᠢ ᠵᠢᠨ ᠠᠵᠢᠯ ᠤᠨ ᠬᠣᠷᠢᠶᠠ ᠂ ᠰᠦᠢᠶᠤᠸᠠᠨ   ᠮᠣᠩᠭᠣᠯ ᠤᠨ ᠡᠯᠡ ᠡᠲᠡᠭᠡᠳ ᠦᠨ ᠶᠠᠫᠣᠨ ᠢ ᠡᠰᠡᠷᠭᠦᠴᠡᠵᠦ ᠤᠯᠤᠰ ᠢᠶᠠᠨ ᠠᠪᠤᠷᠠᠬᠤ  ᠡᠪᠯᠡᠯ ᠶᠠᠫᠣᠨ ᠤ ᠲᠠᠩᠨᠠᠭᠤᠯ ᠳᠤ ᠡᠪᠳᠡᠭᠳᠡᠵᠡᠶ᠃ 1941 ᠣᠨ ᠤ 6 ᠳ᠋ᠤᠭᠠᠷ ᠰᠠᠷᠠ ᠶᠢᠨ 17 ᠋ ᠤ ᠡᠳᠦᠷ ᠪᠣᠯᠲᠠᠯᠠ ᠂ ᠨᠡᠢᠢᠳᠡ 190 ᠭᠠᠷᠤᠢ ᠬᠥᠮᠦᠨ ᠪᠠᠷᠢᠪᠴᠢᠯᠠᠭᠳᠠᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠯᠢᠦ ᠬᠣᠩ   ᠂ ᠵᠢᠶᠠ ᠬᠥᠩ ᠂ ᠵᠠᠩ ᠺᠸ ᠮᠢᠨ ᠂ ᠸᠧᠶ ᠳ᠋ᠡ ᠰᠢᠶᠠᠨ   ᠂ ᠤᠯᠤᠰ ᠢᠶᠠᠨ ᠠᠪᠤᠷᠬᠠᠸ ᠡᠪᠯᠡᠯ ᠤᠨ ᠭᠡᠰᠢᠭᠦᠨ ᠵᠧᠩ ᠬᠤᠸᠠ ᠭᠦᠸᠧ ᠂ ᠵᠣᠣ ᠰᠢᠨ ᠮᠢᠨ ᠂ ᠯᠢᠶᠠᠩ ᠹᠦ᠋ ᠷᠦᠨ ᠂ ᠶᠤᠸᠠᠢ ᠹᠦ᠋ ᠵᠡᠷᠭᠡ 100 ᠭᠠᠷᠤᠶ ᠬᠥᠮᠦᠨ ᠠᠯᠠᠭᠳᠠᠵᠤ ᠂ 28 ᠬᠥᠮᠦᠨ   ᠶᠢᠨ ᠭᠢᠨᠳᠠᠨ ᠳᠤ ᠬᠣᠷᠢᠭᠳᠠᠵᠠᠶ᠃ ᠡᠨᠡ ᠪᠣᠯ ᠶᠠᠫᠣᠨ ᠤ ᠴᠡᠷᠢᠭᠯᠡᠬᠦ ᠦᠵᠡᠯ ᠦᠨ ᠲᠦᠷᠢᠮᠡᠬᠡᠶᠢᠯᠡᠭᠴᠢᠳ ᠦᠨ ᠭᠠᠷᠭᠠᠭᠰᠠᠨ ᠬᠥᠮᠦᠨ ᠢ ᠰᠣᠴᠢᠭᠠᠮᠠ 《 ᠬᠥᠬᠡ ᠶᠢᠨ ᠬᠠᠷᠠᠰᠠᠯᠲᠤ ᠬᠡᠷᠡᠭ 》 ᠪᠣᠯᠤᠨᠠ᠃