ᠵᠤᠬᠢᠶᠠᠭᠴᠢ: 
							ᠴᠠᠭ:2021-10-15
							ᠥᠵᠡᠭᠰᠡᠨ :  ℃
                                                        ᠢᠷᠡᠯᠲᠡ:         
						
						
							ᠰᠢᠨᠡ ᠳᠥᠷᠪᠡᠳᠦᠭᠡᠷ ᠠᠷᠮᠢ ᠵᠢᠩᠬᠢᠨᠢ ᠪᠡᠷ  						
						
						1937 ᠣᠨ ᠳᠤ ᠂ ᠶᠠᠫᠣᠨ ᠢ ᠡᠰᠡᠷᠭᠦᠴᠡᠬᠦ ᠲᠠᠢᠢᠨ ᠪᠦᠬᠦ ᠲᠠᠯᠠ ᠪᠠᠷ ᠡᠭᠦᠰᠦᠭᠰᠡᠨ ᠦ ᠲᠠᠷᠠᠭᠠ ᠂ ᠭᠣᠮᠢᠨᠳᠠᠩ ᠶᠠᠫᠣᠨ ᠴᠡᠷᠢᠭ ᠢ ᠱᠠᠩᠬᠠᠢ ᠶᠢ ᠳᠣᠪᠲᠣᠯᠵᠤ ᠂ ᠨᠠᠨᠵᠢᠩ     ᠂ ᠡᠴᠦᠰ ᠲᠡᠬᠡᠨ ᠳᠤᠮᠳᠠᠳᠤ ᠤᠯᠤᠰ ᠤᠨ ᠡᠪ ᠬᠠᠮᠲᠤ ᠨᠠᠮ  ᠡᠮᠦᠨᠡᠲᠦ ᠣᠷᠣᠨ ᠤ ᠡᠯᠡ ᠮᠤᠵᠢ ᠶᠢᠨ ᠤᠯᠠᠭᠠᠨ ᠴᠡᠷᠢᠭ ᠦᠨ ᠫᠠᠷᠲ᠋ᠢᠽᠠᠨ ᠠᠨᠭᠭᠢ ᠨᠢᠭᠡᠨ ᠠᠷᠮᠢ  ᠪᠠᠶᠢᠭᠤᠯᠵᠤ ᠂ ᠬᠥᠬᠡᠮᠥ᠋ᠷᠡᠨ ᠦ ᠡᠮᠦᠨᠡ ᠤᠮᠠᠷᠠ ᠪᠣᠯᠤᠨ ᠹᠦᠵᠢᠶᠠᠨ ᠵᠧᠵᠢᠶᠠᠩ ᠬᠣᠶᠠᠷ ᠮᠤᠵᠢ ᠳᠤ ᠶᠠᠫᠣᠨ ᠢ ᠡᠰᠡᠷᠭᠦᠴᠡᠬᠦ ᠫᠠᠷᠲ᠋ᠢᠽᠠᠨ ᠲᠠᠢᠢᠨ ᠥᠷᠨᠢᠭᠦᠯᠬᠦ   ᠲᠣᠭᠲᠠᠪᠠ᠃ 1937 ᠣᠨ ᠤ 10  ᠰᠠᠷᠠ ᠶᠢᠨ 12  ᠤᠨ ᠡᠳᠦᠷ ᠂ ᠭᠣᠮᠢᠨᠳᠠᠩ ᠤᠨ ᠵᠠᠰᠠᠭ ᠤᠨ ᠣᠷᠳᠣᠨ ᠤ ᠴᠡᠷᠢᠭ ᠦᠨ ᠶᠠᠪᠤᠳᠠᠯ ᠤᠨ ᠬᠣᠷᠢᠶᠠ ᠠᠴᠠ ᠄ ᠡᠮᠦᠨᠡᠲᠦ ᠣᠷᠣᠨ ᠤ 8 ᠮᠤᠵᠢ ᠶᠢᠨ 13 ᠭᠠᠵᠠᠷ ᠣᠷᠣᠨ ( ᠴᠢᠶᠦ᠋ᠩ ᠶᠠ ᠶᠢᠨ  ᠤᠯᠠᠭᠠᠨ ᠴᠡᠷᠢᠭ ᠦᠨ ᠫᠠᠷᠲ᠋ᠢᠽᠠᠨ ᠠᠩᠭᠢ  ᠪᠠᠭᠲᠠᠬᠤ ᠦᠭᠡᠶ )  ᠤ ᠤᠯᠠᠭᠠᠨ ᠴᠡᠷᠢᠭ ᠪᠣᠯᠤᠨ ᠫᠠᠷᠲ᠋ᠢᠽᠠᠨ ᠠᠩᠭᠢ ᠶᠢ ᠢᠷᠭᠡᠨ ᠦ ᠬᠤᠪᠢᠰᠬᠠᠯᠲᠤ ᠴᠡᠷᠢᠭ ᠦᠨ ᠬᠠᠭᠤᠷᠠᠶ ᠵᠠᠮ ᠤᠨ ᠴᠡᠷᠢᠭ ᠦᠨ ᠰᠢᠨᠡ ᠪᠡᠷ ᠪᠠᠶᠢᠭᠤᠯᠤᠭᠰᠠᠨ ᠳᠥᠷᠪᠡᠳᠦᠭᠡᠷ ᠠᠷᠮᠢ ᠪᠣᠯᠭᠠᠨ ᠥᠭᠡᠷᠡᠴᠢᠯᠡᠨ ᠪᠠᠶᠢᠭᠤᠯᠵᠤ ᠂ ᠶᠧ ᠲᠢᠩ ᠢ ᠠᠷᠮᠢ ᠶᠢᠨ ᠳᠠᠷᠤᠭᠠ ᠪᠠᠷ ᠲᠣᠮᠢᠯᠠᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠢᠠ ᠠᠴᠠ ᠨᠡᠷᠡ ᠳᠤᠷᠠᠳᠴᠤ ᠂ ᠭᠣᠮᠢᠨᠳᠠᠩ ᠤᠨ ᠵᠠᠰᠠᠭ ᠤᠨ  ᠴᠡᠷᠢᠭ ᠦᠨ ᠶᠠᠪᠤᠳᠠᠯ ᠤᠨ ᠬᠣᠷᠢᠢᠠ ᠪᠠᠷ ᠬᠢᠨᠠᠨ ᠲᠣᠭᠲᠠᠭᠠᠯᠭᠠᠭᠠᠳ ᠂ ᠰᠢᠶᠠᠩ   ᠢ ᠠᠷᠮᠢ ᠶᠢᠨ ᠳᠡᠳ᠋ ᠳᠠᠷᠤᠭᠠ ᠪᠠᠷ ᠂ ᠵᠠᠩ ᠶᠦᠨ ᠢ ᠶᠢ  ᠳᠠᠷᠤᠭᠠ ᠪᠠᠷ ᠂ ᠶᠤᠸᠠᠨ  ᠫᠢᠩ ᠢ ᠤᠯᠤᠰ ᠲᠦᠷᠦ ᠶᠢᠨ ᠬᠡᠯᠲᠡᠰ ᠦᠨ ᠡᠷᠬᠢᠯᠡᠭᠴᠢ  ᠂ ᠳ᠋ᠧᠩ ᠽᠢ             ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠢᠠ ᠠᠴᠠ ᠲᠥᠪ ᠦᠨ ᠴᠡᠷᠢᠭ ᠦᠨ ᠶᠠᠪᠤᠳᠠᠯ ᠤᠨ ᠬᠣᠷᠢᠶᠠᠨ ᠤ ᠰᠢᠨᠡ ᠳᠥᠷᠪᠡᠳᠦᠭᠡᠷ ᠠᠷᠮᠢ ᠶᠢᠨ ᠬᠤᠪᠢᠶᠠᠷᠢ  ᠪᠠᠶᠢᠭᠤᠯᠵᠤ ᠂ ᠰᠢᠶᠠᠩ ᠶᠢᠩ ᠱᠦᠵᠢ ᠂ ᠴᠧᠨ ᠢ ᠳᠡᠳ᠋ ᠱᠦᠵᠢ ᠪᠣᠯᠭᠠᠬᠤ ᠪᠠᠷ ᠲᠣᠭᠲᠠᠪᠠ᠃