ᠵᠤᠬᠢᠶᠠᠭᠴᠢ: 
							ᠴᠠᠭ:2021-10-28
							ᠥᠵᠡᠭᠰᠡᠨ :  ℃
                                                        ᠢᠷᠡᠯᠲᠡ:        
						
						
							ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠣᠯᠠᠨ ᠤᠯᠤᠰ ᠤᠨ ᠬᠣᠯᠪᠣᠭᠠᠲᠤ ᠪᠠᠶᠢᠭᠤᠯᠭᠠ ᠶᠢᠨ ᠬᠠᠤᠯᠢ ᠶᠣᠰᠣᠨ ᠤ  ᠶᠢ ᠰᠡᠷᠭᠦᠭᠡᠪᠡ						
						
						1971 ᠣᠨ ᠤ 10 ᠰᠠᠷᠠ ᠶᠢᠨ 25  ᠤ ᠡᠳᠦᠷ ᠂ ᠠᠽᠢᠶᠠ ᠠᠹᠷᠢᠺᠠ ᠯᠠᠲ᠋ᠢᠨ ᠠᠮᠧᠷᠢᠺᠠ ᠲᠢᠪ ᠦᠨ ᠮᠠᠰᠢ ᠤᠯᠠᠨ ᠤᠯᠤᠰ ᠪᠠ ᠰᠢᠳᠤᠷᠭᠤ ᠶᠣᠰᠣ ᠶᠢ ᠪᠠᠷᠢᠮᠲᠠᠯᠠᠳᠠᠭ ᠪᠤᠰᠤᠳ ᠤᠯᠤᠰ ᠤᠨ ᠬᠠᠮᠲᠤ ᠶᠢᠨ ᠴᠢᠷᠮᠠᠶᠢᠯᠭᠠ ᠪᠠᠷ ᠂ 26 ᠳ᠋ᠤᠭᠠᠷ ᠬᠤᠭᠤᠴᠠᠭᠠᠨ ᠤ ᠤᠯᠠᠨ ᠤᠯᠤᠰ ᠤᠨ ᠬᠣᠯᠪᠣᠭᠠᠲᠤ ᠪᠠᠶᠢᠭᠤᠯᠭᠠ ᠶᠢᠨ ᠶᠡᠬᠡ ᠬᠤᠷᠠᠯ 76 ᠪᠢᠯᠧᠲ᠋ ᠵᠥᠪᠰᠢᠶᠡᠷᠡᠵᠦ ᠂ 35 ᠪᠢᠯᠧᠲ᠋ ᠡᠰᠡᠷᠭᠦᠴᠡᠵᠦ ᠂ 17 ᠪᠢᠯᠧᠲ᠋ ᠡᠷᠬᠡ ᠪᠡᠨ ᠬᠠᠶᠠᠭᠰᠠᠨ    ᠂ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠠᠨ ᠤᠯᠤᠰ ᠤᠨ ᠬᠣᠯᠪᠣᠭᠠᠲᠤ ᠪᠠᠶᠢᠭᠤᠯᠭᠠ ᠳᠠᠬᠢ ᠠᠯᠢᠪᠠ ᠬᠠᠤᠯᠢ ᠶᠣᠰᠣᠨ ᠤ ᠡᠷᠬᠡ ᠶᠢ ᠰᠡᠷᠭᠦᠭᠡᠬᠦ ᠪᠠ ᠲᠠᠶᠢᠸᠠᠨ ᠤ ᠡᠷᠬᠡ ᠪᠠᠷᠢᠭᠴᠢᠳ ᠤᠨ ᠲᠥᠯᠥᠭᠡᠯᠡᠭᠴᠢ ᠶᠢ ᠤᠯᠠᠨ ᠤᠯᠤᠰ ᠤᠨ ᠬᠣᠯᠪᠣᠭᠠᠲᠤ ᠪᠠᠶᠢᠭᠤᠯᠭᠠ ᠵᠢᠴᠢ ᠲᠡᠭᠦᠨ ᠦ ᠬᠠᠷᠢᠶᠠ ᠠᠯᠢᠪᠠ ᠪᠠᠶᠢᠭᠤᠯᠤᠮᠵᠢ ᠠᠴᠠ ᠳᠠᠷᠤᠶᠢᠬᠠᠨ ᠬᠥᠭᠡᠭᠡᠵᠦ ᠭᠠᠷᠭᠠᠬᠤ 2758 ᠳ᠋ᠤᠭᠠᠷ ᠲᠣᠭᠠᠲᠤ ᠰᠢᠶᠳᠪᠦᠷᠢ ᠶᠢ ᠪᠠᠲᠤᠯᠠᠪᠠ᠃ 11  ᠰᠠᠷᠠ ᠶᠢᠨ 1  ᠦ ᠡᠳᠦᠷ ᠂ ᠲᠠᠪᠤᠨ ᠣᠳᠣᠲᠤ ᠤᠯᠠᠭᠠᠨ ᠲᠣᠭ ᠠᠩᠬᠠ ᠤᠳᠠᠭᠠ ᠣᠯᠠᠨ ᠤᠯᠤᠰ ᠤᠨ ᠬᠣᠯᠪᠣᠭᠠᠲᠤ ᠪᠠᠶᠢᠭᠤᠯᠭᠠ ᠳᠤ ᠮᠠᠨᠳᠤᠪᠠ᠃ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠠᠨ ᠤᠯᠤᠰ ᠤᠨ ᠬᠣᠯᠪᠣᠭᠠᠲᠤ ᠪᠠᠶᠢᠭᠤᠯᠭᠠ ᠳᠠᠬᠢ ᠬᠠᠤᠯᠢ ᠶᠣᠰᠣᠨ ᠤ   ᠶᠢ ᠰᠡᠷᠭᠦᠭᠡᠭᠰᠡᠨ ᠶᠠᠪᠤᠳᠠᠯ ᠪᠣᠯ ᠳᠤᠮᠳᠠᠳᠤ ᠤᠯᠤᠰ ᠤᠨ ᠭᠠᠳᠠᠭᠠᠳᠤ ᠬᠠᠷᠢᠯᠴᠠᠭᠠᠨ ᠤ ᠠᠵᠢᠯ ᠤᠨ ᠨᠢᠭᠡᠨ ᠴᠢᠬᠤᠯᠠ ᠶᠡᠬᠡ ᠢᠯᠠᠯᠲᠠ ᠮᠥᠨ᠃