ᠵᠤᠬᠢᠶᠠᠭᠴᠢ: 
							ᠴᠠᠭ:2021-09-03
							ᠥᠵᠡᠭᠰᠡᠨ :  ℃
                                                        ᠢᠷᠡᠯᠲᠡ:         
						
						
							ᠶᠠᠫᠣᠨ ᠤ ᠪᠠᠭᠤᠵᠤ ᠥᠭᠬᠦ ᠭᠠᠷ ᠤᠨ ᠦᠰᠦᠭ ᠵᠢᠷᠤᠬᠤ ᠶᠣᠰᠣᠯᠠᠯ ᠶᠠᠪᠤᠭᠳᠠᠪᠠ						
						
						 
1945 ᠣᠨ ᠤ 9  ᠰᠠᠷᠠ ᠶᠢᠨ 2 ᠡᠳᠦᠷ ᠂ ᠶᠠᠫᠣᠨ ᠤ ᠪᠠᠭᠤᠵᠤ ᠥᠭᠬᠦ ᠭᠠᠷ ᠤᠨ ᠦᠰᠦᠭ ᠵᠢᠷᠤᠬᠤ ᠶᠣᠰᠣᠯᠠᠯ ᠳᠤᠺᠢᠤ᠋ ᠪᠤᠯᠤᠩ ᠤᠨ ᠠᠮᠧᠷᠢᠺᠠ ᠶᠢᠨ 《 ᠮᠢᠰᠦᠢᠷᠢ 》 ᠨᠡᠷᠡᠮᠵᠢᠲᠦ ᠬᠡᠷᠡᠮᠡᠯ ᠣᠩᠭᠣᠴᠠᠨ ᠳᠡᠭᠡᠷᠡ ᠶᠠᠪᠤᠭᠳᠠᠪᠠ᠃ ᠳᠤᠮᠳᠠᠳᠤ ᠤᠯᠤᠰ ᠤᠨ ᠶᠠᠫᠣᠨ ᠢ ᠡᠰᠡᠷᠭᠦᠴᠡᠬᠦ ᠲᠠᠢᠢᠨ ᠢᠯᠠᠯᠲᠠ ᠲᠠᠶ ᠪᠠᠷ ᠳᠠᠭᠤᠰᠴᠤ ᠂ ᠳᠡᠯᠡᠬᠡᠢ ᠶᠢᠨ ᠬᠣᠶᠠᠳᠤᠭᠠᠷ ᠲᠠᠢᠢᠨ ᠢᠯᠠᠯᠲᠠ ᠲᠠᠶ ᠪᠠᠷ ᠲᠡᠭᠦᠰᠪᠡ᠃ ᠶᠠᠫᠣᠨ ᠪᠠᠭᠤᠵᠤ ᠥᠭᠬᠦ ᠪᠢᠴᠢᠭ ᠳᠡᠭᠡᠷᠡ ᠭᠠᠷ ᠤᠨ ᠦᠰᠦᠭ ᠵᠢᠷᠤᠭᠰᠠᠨ ᠬᠣᠶᠠᠳᠤᠭᠠᠷ ᠡᠳᠦᠷ ᠳᠠᠷᠤᠶ 9  ᠰᠠᠷᠠ ᠶᠢᠨ 3  ᠤ ᠡᠳᠦᠷ ᠢ ᠳᠤᠮᠳᠠᠳᠤ ᠤᠯᠤᠰ ᠤᠨ ᠶᠠᠫᠣᠨ ᠢ ᠡᠰᠡᠷᠭᠦᠴᠡᠬᠦ ᠳᠠᠶᠢᠨ ᠦ ᠢᠯᠠᠯᠲᠠ ᠶᠢᠨ ᠳᠤᠷᠠᠰᠬᠠᠯ ᠤᠨ ᠡᠳᠦᠷ ᠢᠶᠡᠷ ᠲᠣᠭᠲᠠᠭᠠᠪᠠ᠃ ᠶᠠᠫᠣᠨ ᠢ ᠡᠰᠡᠷᠭᠦᠴᠡᠬᠦ ᠳᠠᠢᠢᠨ ᠦ ᠢᠯᠠᠯᠲᠠ ᠪᠣᠯ ᠳᠤᠮᠳᠠᠳᠤ ᠤᠯᠤᠰ ᠤᠨ ᠠᠷᠠᠳ ᠲᠦᠮᠡᠨ ᠦ ᠵᠠᠭᠤᠨ ᠵᠢᠯ ᠦᠨ ᠲᠤᠷᠰᠢ ᠭᠠᠳᠠᠭᠠᠳᠤ ᠶᠢᠨ ᠲᠦᠷᠢᠮᠡᠬᠡᠶᠢᠯᠡᠭᠴᠢᠳ ᠢ ᠡᠰᠡᠷᠭᠦᠴᠡᠬᠦ ᠲᠡᠮᠡᠴᠡᠯ ᠦᠨ ᠳᠤᠮᠳᠠ ᠠᠩᠬᠠ ᠤᠳᠠᠭᠠ ᠪᠦᠷᠢᠨ ᠢᠯᠠᠯᠲᠠ ᠣᠯᠤᠭᠰᠠᠨ ᠦᠨᠳᠦᠰᠦᠲᠡᠨ ᠦ ᠴᠢᠯᠥᠭᠡᠯᠡᠯᠲᠡ ᠶᠢᠨ ᠳᠠᠢᠢᠨ ᠮᠥᠨ ᠂ ᠳᠡᠯᠡᠬᠡᠢ ᠶᠢᠨ ᠹᠠᠱᠢᠰ ᠢ ᠡᠰᠡᠷᠭᠦᠴᠡᠬᠦ ᠳᠠᠢᠢᠨ ᠦ ᠴᠢᠬᠤᠯᠠ ᠪᠦᠷᠢᠯᠳᠦᠬᠦᠨ ᠬᠡᠰᠡᠭ ᠃