ᠵᠤᠬᠢᠶᠠᠭᠴᠢ: 
							ᠴᠠᠭ:2022-01-14
							ᠥᠵᠡᠭᠰᠡᠨ :  ℃
                                                        ᠢᠷᠡᠯᠲᠡ:         
						
						
							ᠯᠢᠦ  ᠯᠠᠨ ᠪᠠᠭᠠᠲᠤᠷᠯᠢᠭ ᠢᠶᠠᠷ ᠪᠡᠶᠡ  						
						
						
 
1947 ᠣᠨ ᠤ 1  ᠰᠠᠷᠠ ᠶᠢᠨ 12 ᠋ ᠤᠨ ᠡᠳᠦᠷ ᠂ ᠯᠢᠦ  ᠯᠠᠨ ᠪᠠᠭᠠᠲᠤᠷᠯᠢᠭ ᠢᠶᠠᠷ ᠪᠡᠶᠡ ᠦᠷᠡᠭᠳᠡᠪᠡ᠃ ᠯᠢᠦ  ᠯᠠᠨ ᠂ 1932 ᠣᠨ ᠳᠤ ᠲᠦᠷᠦᠵᠡᠢ ᠂ ᠱᠠᠨ ᠰᠢ ᠶᠢᠨ ᠸᠸᠨ ᠱᠦᠢ ᠶᠦᠨ ᠵᠧᠦ  ᠪᠠᠷᠠᠭᠤᠨ ᠲᠣᠰᠬᠣᠨ ᠤ ᠬᠥᠮᠦᠨ᠃ 1946 ᠣᠨ ᠳᠤ ᠂ ᠯᠢᠦ  ᠯᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠡᠯᠡᠳᠬᠡᠯ ᠨᠠᠮ ᠤᠨ ᠭᠡᠰᠢᠭᠦᠨ ᠢᠶᠡᠷ ᠡᠯᠰᠡᠭᠳᠡᠵᠦ ᠂ ᠲᠣᠰᠬᠣᠨ ᠤ ᠡᠮᠡᠭᠲᠡᠶᠢᠴᠦᠳ ᠦᠨ ᠤᠯᠤᠰ ᠢᠶᠠᠨ ᠠᠪᠤᠷᠠᠬᠤ ᠬᠤᠷᠠᠯ ᠤᠨ ᠨᠠᠷᠢᠨ ᠪᠢᠴᠢᠭᠡᠴᠢ ᠂   ᠤᠨ ᠡᠮᠡᠭᠲᠡᠶᠢᠴᠦᠳ ᠦᠨ ᠤᠯᠤᠰ ᠢᠶᠠᠨ ᠠᠪᠤᠷᠠᠬᠤ ᠬᠤᠷᠠᠯ ᠤᠨ ᠠᠵᠢᠯᠯᠠᠭᠴᠢ  ᠃ 1947 ᠣᠨ ᠤ 1 ᠳ᠋ᠦ᠍ᠭᠡᠷ ᠰᠠᠷᠠ ᠶᠢᠨ 12 ᠋ ᠤᠨ ᠡᠳᠦᠷ ᠂ ᠶᠠᠨ ᠰᠢ ᠱᠠᠨ ᠤ ᠴᠡᠷᠢᠭ ᠠᠩᠭᠢ ᠶᠦᠨ ᠵᠧᠦ ᠪᠠᠷᠠᠭᠤᠨ ᠲᠣᠰᠬᠣᠨ ᠢ ᠭᠡᠨᠡᠳᠡᠭᠦᠯᠦᠨ ᠳᠠᠭᠠᠷᠢᠵᠤ ᠂ ᠯᠢᠦ  ᠯᠠᠨ ᠤᠷᠪᠠᠭᠴᠢ ᠳᠤ ᠬᠤᠳᠠᠯᠳᠤᠭᠳᠠᠭᠰᠠᠨ ᠠᠴᠠ ᠪᠤᠯᠵᠥ ᠪᠠᠷᠢᠪᠴᠢᠯᠠᠭᠳᠠᠪᠠ᠃ ᠬᠠᠮᠤᠭ ᠰᠡᠭᠦᠯ ᠳᠦ ᠳᠠᠶᠢᠰᠤᠨ ᠳᠤ ᠵᠠᠳᠤᠤ ᠪᠠᠷ ᠬᠠᠷᠭᠢᠰ ᠬᠡᠷᠴᠡᠭᠡᠶ ᠪᠡᠷ ᠠᠯᠠᠭᠳᠠᠪᠠ᠃ ᠮᠠᠤ ᠽᠸ ᠳ᠋ᠦᠩ ᠯᠢᠦ  ᠯᠠᠨ ᠳᠤ ᠪᠢᠴᠢᠭᠡᠰᠦ ᠪᠢᠴᠢᠵᠦ ᠂ ᠲᠡᠭᠦᠨ ᠦ 《   ᠠᠭᠤᠤ ᠶᠡᠬᠡ ᠂    ᠢᠷᠠᠭᠤ ᠠᠯᠳᠠᠷ  》   ᠮᠠᠭᠲᠠᠨ ᠰᠠᠶᠢᠰᠢᠶᠠᠪᠠ᠃ 1947 ᠣᠨ ᠳᠤ ᠪᠢᠴᠢᠭᠰᠡᠨ ᠪᠢᠴᠢᠭᠡᠰᠦ ᠨᠢ ᠪᠦᠬᠦ ᠤᠯᠤᠰ ᠤᠨ ᠴᠢᠯᠥᠭᠡᠯᠡᠬᠦ ᠳᠠᠶᠢᠨ  ᠭᠡᠭᠡᠭᠳᠡᠪᠡ᠃ 1957 ᠣᠨ ᠤ 1  ᠰᠠᠷᠠ ᠶᠢᠨ 11 ᠋ ᠦ ᠡᠳᠦᠷ ᠂ ᠮᠠᠤ ᠽᠸ  ᠳ᠋ᠦᠩ ᠦᠷᠡᠭᠳᠡᠭᠰᠡᠨ ᠪᠠᠭᠠᠲᠤᠷ ᠯᠢᠦ ᠬᠸ ᠯᠠᠨ ᠳᠤ ᠬᠣᠶᠠᠳᠠᠬᠢ ᠤᠳᠠᠭᠠ 《  ᠠᠭᠤᠤ ᠶᠡᠬᠡ ᠂    ᠢᠷᠠᠭᠤ ᠠᠯᠳᠠᠷ  》  ᠪᠢᠴᠢᠭᠡᠰᠦ ᠪᠢᠴᠢᠵᠦ ᠥᠭᠪᠡ᠃