ᠵᠤᠬᠢᠶᠠᠭᠴᠢ: 
							ᠴᠠᠭ:2022-01-21
							ᠥᠵᠡᠭᠰᠡᠨ :  ℃
                                                        ᠢᠷᠡᠯᠲᠡ:  ᠥᠪᠥᠷ ᠮᠣᠩᠭᠣᠯ      
						
						
							ᠳᠤᠮᠳᠠᠳᠤ ᠤᠯᠤᠰ ᠤᠨ ᠡᠪ ᠬᠠᠮᠲᠤ ᠨᠠᠮ ᠲᠤᠩᠬᠠᠭ ᠨᠡᠶᠢᠲᠡᠯᠡᠵᠦ ᠄ ᠳᠣᠲᠣᠭᠠᠳᠤ ᠶᠢᠨ ᠳᠠᠢᠢᠨ ᠢ ᠵᠣᠭᠰᠣᠭᠠᠵᠤ ᠬᠠᠮᠲᠤ ᠪᠠᠷ ᠶᠠᠫᠣᠨ ᠢ ᠡᠰᠡᠷᠭᠦᠴᠡᠨᠡ						
						
						 
1933 ᠣᠨ ᠤ 1  ᠰᠠᠷᠠ ᠶᠢᠨ 17  ᠤ ᠡᠳᠦᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠪ ᠬᠠᠮᠲᠤ ᠶᠢᠨ ᠢᠨᠲ᠋ᠧᠷᠨᠠᠼᠢᠣᠨᠠᠯ ᠳᠤ ᠰᠠᠭᠤᠭᠠ ᠲᠥᠯᠥᠭᠡᠯᠡᠭᠴᠢᠳ ᠦᠨ ᠪᠦᠯᠬᠦᠮ ᠲᠤᠭᠤᠷᠪᠢᠨ ᠪᠢᠴᠢᠵᠦ ᠂ ᠳᠤᠮᠳᠠᠳᠤ ᠶᠢᠨ ᠰᠣᠪᠢᠶᠠᠳ ᠤᠨ  ᠴᠠᠭ ᠤᠨ ᠲᠥᠪ ᠵᠠᠰᠠᠭ ᠤᠨ ᠣᠷᠳᠣᠨ ᠪᠣᠯᠤᠨ ᠠᠵᠢᠯᠴᠢᠨ ᠲᠠᠷᠢᠶᠠᠴᠢᠨ ᠤ ᠤᠯᠠᠭᠠᠨ ᠴᠡᠷᠢᠭ ᠦᠨ ᠬᠤᠪᠢᠰᠬᠠᠯᠲᠤ ᠴᠡᠷᠢᠭ ᠦᠨ ᠶᠠᠪᠤᠳᠠᠯ ᠤᠨ ᠬᠣᠷᠢᠶᠠᠨ ᠤ ᠨᠡᠷᠡ ᠪᠡᠷ 《 ᠶᠠᠫᠣᠨ ᠤ ᠡᠵᠡᠷᠬᠡᠭ ᠲᠦ᠋ᠷᠢᠮᠡᠬᠡᠢᠢᠲᠡᠨ ᠦ ᠤᠮᠠᠷᠠᠲᠤ ᠣᠷᠣᠨ ᠳᠤ ᠲᠦᠷᠢᠮᠡᠬᠡᠶᠢᠯᠡᠨ ᠣᠷᠣᠬᠤ ᠶᠢ ᠡᠰᠡᠷᠭᠦᠴᠡᠬᠦ ᠶᠢᠨ ᠲᠥᠯᠥᠭᠡ ᠂ ᠭᠤᠷᠪᠠᠨ ᠨᠥᠬᠥᠴᠡᠯ ᠳᠣᠣᠷᠠ ᠪᠦ᠋ᠬᠦ ᠤᠯᠤᠰ ᠤᠨ ᠴᠡᠷᠢᠭ  ᠲᠠᠶ ᠬᠠᠮᠲᠤ ᠪᠠᠷ ᠶᠠᠫᠣᠨ ᠢ ᠡᠰᠡᠷᠭᠦᠴᠡᠬᠦ ᠲᠤᠩᠬᠠᠭ 》  ᠢ ᠨᠡᠶᠢᠲᠡᠯᠡᠪᠡ᠃
1  ᠳ᠋ᠦᠭᠡᠷ ᠰᠠᠷᠠ ᠶᠢᠨ 26  ᠤ ᠡᠳᠦᠷ ᠂ ᠡᠪ ᠬᠠᠮᠲᠤ ᠶᠢᠨ ᠢᠨᠲ᠋ᠧᠷᠨᠠᠼᠢᠣᠨᠠᠯ ᠳᠤ ᠰᠠᠭᠤᠭᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠯᠥᠭᠡᠯᠡᠭᠴᠢᠳ ᠦᠨ ᠪᠦᠯᠬᠦᠮ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠᠨ ᠤ ᠨᠡᠷᠡ ᠪᠡᠷ 《 ᠮᠠᠨᠵᠤ ᠶᠢᠨ ᠡᠯᠡ ᠱᠠᠲᠤᠨ ᠤ ᠨᠠᠮ ᠤᠨ ᠵᠠᠬᠢᠷᠭᠠ ᠪᠠ ᠪᠦᠬᠦ ᠨᠠᠮ ᠤᠨ ᠭᠡᠰᠢᠭᠦᠳ ᠲᠦ ᠥᠭᠭᠦᠭᠰᠡᠨ ᠵᠠᠬᠢᠳᠠᠯ —— ᠮᠠᠨᠵᠤ ᠶᠢᠨ ᠣᠳᠣᠬᠢ ᠪᠠᠶᠢᠳᠠᠯ ᠪᠠ ᠮᠠᠨ ᠤ ᠨᠠᠮ ᠤᠨ ᠡᠭᠦᠷᠭᠡ ᠶᠢᠨ ᠲᠤᠬᠠᠢ ᠥᠭᠦᠯᠡᠬᠦ ᠨᠢ 》 ᠭᠡᠰᠡᠨ ᠨᠢᠭᠡᠨ ᠵᠠᠬᠢᠳᠠᠯ ᠪᠢᠴᠢᠭᠡᠳ ᠂  ᠮᠠᠨᠵᠤ ᠶᠢᠨ ᠤᠯᠠᠨ ᠲᠦᠮᠡᠨᠴᠢ ᠬᠥᠳᠡᠯᠭᠡᠭᠡᠨ ᠦ ᠣᠳᠣᠬᠢ ᠱᠠᠲᠤᠨ ᠳᠠᠬᠢ ᠨᠠᠮ ᠤᠨ ᠶᠡᠷᠦᠩᠬᠡᠢ ᠠᠷᠭᠠ ᠪᠤᠳᠤᠯᠭᠠ ᠶᠢᠨ ᠴᠢᠭᠯᠡᠯᠲᠡ ᠶᠢ ᠲᠣᠭᠲᠠᠭᠠᠵᠠᠢ ᠄   ᠡᠵᠡᠷᠬᠡᠭ ᠲᠦᠷᠢᠮᠡᠬᠡᠢᠢᠳᠡᠨ ᠢ ᠡᠰᠡᠷᠭᠦᠴᠡᠬᠦ ᠪᠦᠬᠦ ᠦᠨᠳᠦᠰᠦᠲᠡᠨ ᠦ ᠨᠢᠭᠡᠳᠦᠮᠡᠯ ᠹᠷᠥᠡᠲᠢ ᠠᠯᠢ ᠪᠣᠯᠬᠤ ᠪᠠᠷ ᠪᠤᠢ ᠪᠣᠯᠭᠠᠵᠤ ᠂ ᠠᠯᠢᠪᠠ  ᠂ ᠬᠡᠳᠦᠶᠢᠪᠡᠷ ᠨᠠᠶᠢᠳᠠᠪᠤᠷᠢ ᠦᠭᠡᠢ ᠭᠤᠶᠢᠪᠢᠮᠠᠲᠠᠭᠠᠢ ᠬᠦᠴᠦᠨ        ᠂ ᠬᠠᠮᠲᠤ ᠶᠢᠨ ᠳᠠᠶᠢᠰᠤᠨ —— ᠶᠠᠫᠣᠨ ᠤ ᠡᠵᠡᠷᠬᠡᠭ ᠲᠦᠷᠢᠮᠡᠬᠡᠢᠢᠳᠡᠨ ᠪᠠ ᠲᠡᠭᠦᠨ ᠦ ᠵᠠᠷᠤᠴᠠ ᠨᠣᠬᠠᠳ ᠲᠠᠶ   ᠃