ᠵᠤᠬᠢᠶᠠᠭᠴᠢ: 
							ᠴᠠᠭ:2022-02-12
							ᠥᠵᠡᠭᠰᠡᠨ :  ℃
                                                        ᠢᠷᠡᠯᠲᠡ:  ᠥᠪᠥᠷ ᠮᠣᠩᠭᠣᠯ ᠣᠷᠣᠨ ᠨᠤᠲᠤᠭ    
						
						
							ᠲᠥᠪ ᠦᠨ ᠤᠯᠠᠭᠠᠨ ᠴᠡᠷᠢᠭ ᡂᠢ ᠱᠦᠶ ᠭᠤᠤᠯ ᠢ ᠳᠥᠷᠪᠡᠨᠲᠡ ᠭᠠᠲᠤᠯᠵᠤ ᠡᠬᠢᠯᠡᠪᠡ						
						
						
 
1935 ᠣᠨ ᠤ 1 ᠰᠠᠷᠠ ᠶᠢᠨ 29  ᠦ ᠡᠳᠦᠷ ᠂ ᠲᠥᠪ ᠦᠨ ᠤᠯᠠᠭᠠᠨ ᠴᠡᠷᠢᠭ ᡂᠢ ᠱᠦᠢ ᠭᠣᠣᠯ ᠢ ᠳᠥᠷᠪᠡᠨᠲᠡ ᠭᠠᠲᠤᠯᠪᠠ᠃ ᡂᠢ ᠱᠦᠢ ᠭᠣᠣᠯ ᠢ ᠳᠥᠷᠪᠡᠨᠲᠡ ᠭᠠᠲᠤᠯᠤᠭᠰᠠᠨ ᠳᠠᠶᠢᠯᠠᠯᠳᠤᠭᠠᠨ ᠪᠣᠯ ᠽᠦᠨ  ᠵᠢᠨ   ᠳᠠᠷᠠᠭᠠ ᠲᠥᠪ ᠦᠨ ᠤᠯᠠᠭᠠᠨ ᠴᠡᠷᠢᠭ ᠦᠨ ᠤᠷᠲᠤ ᠵᠠᠮ ᠤᠨ ᠠᠶᠠᠨ ᠳᠠᠶᠢᠨ ᠦ ᠳᠤᠮᠳᠠ ᠬᠢᠭᠰᠡᠨ ᠨᠢᠭᠡ ᠤᠳᠠᠭᠠᠨ ᠤ ᠰᠢᠶᠳᠪᠦᠷᠢᠯᠡᠭᠴᠢ ᠠᠴᠢ ᠬᠣᠯᠪᠣᠭᠳᠠᠯ ᠪᠦᠬᠦᠢ ᠠᠯᠳᠠᠷᠲᠤ  ᠪᠣᠯᠤᠨᠠ᠃   ᠨᠢ 1935 ᠣᠨ ᠤ 1  ᠰᠠᠷᠠ ᠶᠢᠨ 29  ᠦ ᠡᠳᠦᠷ ᡂᠢ ᠱᠦᠶ ᠭᠣᠣᠯ ᠢ ᠭᠠᠲᠤᠯᠵᠤ ᠡᠬᠢᠯᠡᠭᠰᠡᠨ ᠡᠴᠡ ᠠᠪᠤᠭᠠᠳ 5  ᠰᠠᠷᠠ ᠶᠢᠨ ᠰᠢᠨᠡᠳ ᠢᠶᠡᠷ ᠵᠢᠨ ᠱᠠ ᠵᠢᠶᠠᠩ ᠮᠥᠷᠡᠨ ᠢ ᠢᠯᠠᠯᠲᠠ ᠲᠠᠶ ᠪᠠᠷ ᠭᠡᠲᠦᠯᠬᠦ ᠬᠦᠷᠲᠡᠯᠡ ᠭᠤᠷᠪᠠᠨ ᠰᠠᠷᠠ ᠭᠠᠷᠤᠶ ᠶᠠᠪᠤᠭᠳᠠᠵᠠᠶ᠃ ᠡᠨᠡ ᠤᠳᠠᠭᠠᠨ ᠤ ᠳᠠᠶᠢᠯᠠᠯᠳᠤᠭᠠᠨ ᠳᠤ ᠂ ᠤᠯᠠᠭᠠᠨ ᠴᠡᠷᠢᠭ ᠳᠡᠭᠡᠳᠦ ᠬᠡᠮᠵᠢᠶᠡᠨ ᠦ ᠠᠮᠢᠳᠤᠯᠢᠭ ᠬᠥᠳᠡᠯᠦᠩᠭᠦᠢ ᠬᠥᠳᠡᠯᠭᠡᠭᠡᠨᠲᠦ ᠪᠠᠶᠢᠯᠳᠤᠭᠠᠨ ᠤ ᠴᠢᠭᠯᠡᠯᠲᠡ ᠶᠢ ᠬᠡᠷᠡᠭᠵᠢᠭᠦᠯᠵᠦ ᠂ ᠰᠸᠴᠤᠸᠠᠨ ᠂ ᠭᠦᠢᠵᠧᠦ ᠂ ᠶᠦᠨᠨᠠᠨ ᠤ ᠬᠢᠵᠠᠭᠠᠷ ᠤᠨ ᠥᠷᠭᠡᠨ ᠠᠭᠤᠳᠠᠮ ᠭᠠᠵᠠᠷ ᠣᠷᠣᠨ ᠢᠶᠠᠷ ᠬᠥᠨᠳᠡᠯᠡᠨ ᠭᠤᠯᠳᠤ ᠳᠠᠪᠬᠢᠵᠤ ᠂ ᠳᠠᠶᠢᠰᠤᠨ ᠤ ᠬᠡᠳᠦᠨ ᠠᠷᠪᠠᠨ ᠲᠦᠮᠡᠨ ᠶᠡᠬᠡ ᠴᠡᠷᠢᠭ ᠦᠨ ᠬᠣᠭᠣᠷᠣᠨᠳᠣ ᠲᠣᠭᠣᠷᠢᠨ ᠪᠦᠰᠡᠯᠡᠵᠦ ᠂ ᠪᠠᠶᠢᠯᠳᠤᠭᠠᠨ ᠤ ᠲᠣᠬᠢᠶᠠᠯ ᠢ ᠢᠳᠡᠪᠬᠢᠲᠡᠢ ᠡᠷᠢᠯᠬᠢᠯᠡᠵᠦ ᠂ ᠳᠠᠶᠢᠰᠤᠨ ᠢ ᠪᠦᠲᠦᠮᠵᠢᠲᠡᠢ ᠪᠡᠷ ᠰᠥᠨᠥᠭᠡᠪᠡ᠃ ᠡᠭᠦᠨ ᠦ ᠤᠯᠠᠮ ᠠᠴᠠ ᠳᠠᠶᠢᠰᠤᠨ ᠤ ᠪᠦᠰᠡᠯᠡᠨ ᠨᠡᠬᠡᠵᠦ ᠠᠮᠠᠳᠠᠨ ᠴᠣᠬᠢᠬᠤ ᠠᠴᠠ ᠮᠤᠯᠲᠤᠷᠠᠵᠤ ᠂ ᠤᠯᠠᠭᠠᠨ ᠴᠡᠷᠢᠭ ᠰᠸᠴᠤᠸᠠᠨ ᠂ ᠭᠦᠢᠵᠧᠦ ᠂ ᠶᠦᠨᠨᠠᠨ ᠤ ᠬᠢᠯᠢ ᠪᠦᠰᠡᠯᠡᠨ ᠤᠰᠠᠳᠬᠠᠬᠤ ᠪᠠᠷ ᠭᠣᠷᠢᠳᠠᠭᠰᠠᠨ ᠳᠠᠶᠢᠰᠤᠨ ᠤ ᠲᠥᠯᠥᠪᠯᠡᠭᠡ ᠶᠢ ᠪᠤᠳᠠ ᠨᠢᠷᠭᠡᠵᠦ ᠂ ᠲᠥᠪ ᠦᠨ ᠤᠯᠠᠭᠠᠨ ᠴᠡᠷᠢᠭ ᠢ ᠤᠷᠳᠤ ᠵᠠᠮ ᠤᠨ ᠠᠶᠠᠨ ᠲᠠᠢᠢᠨ ᠦ ᠠᠶᠤᠯ ᠲᠦᠭᠰᠢᠭᠦᠷᠢᠲᠡᠢ ᠵᠠᠩᠭᠢᠯᠠᠭᠠ ᠶᠢᠨ ᠦᠶᠡ ᠳᠦ ᠰᠠᠨᠠᠭᠠᠴᠢᠯᠠᠭᠠ ᠦᠭᠡᠢ ᠪᠠᠶᠢᠭᠰᠠᠨ ᠠᠴᠠ  ᠰᠠᠨᠠᠭᠠᠴᠢᠯᠠᠭᠠᠲᠤ ᠪᠠᠶᠢᠳᠠᠯ ᠳᠤ  ᠂ ᠢᠯᠠᠭᠳᠠᠯ ᠠᠴᠠ ᠢᠯᠠᠯᠲᠠ ᠳᠤ ᠲᠠᠪᠰᠢᠨ ᠃