ᠵᠤᠬᠢᠶᠠᠭᠴᠢ: 
							ᠴᠠᠭ:2022-03-04
							ᠥᠵᠡᠭᠰᠡᠨ :  ℃
                                                        ᠢᠷᠡᠯᠲᠡ:             
						
						
							《 863 ᠲᠥᠯᠥᠪᠯᠡᠭᠡ 》  						
						
						 
1986 ᠣᠨ ᠤ 3  ᠰᠠᠷᠠ ᠶᠢᠨ 3  ᠤ ᠡᠳᠦᠷ ᠂ ᠰᠢᠨᠵᠢᠯᠡᠬᠦ ᠤᠬᠠᠭᠠᠨᠲᠠᠨ ᠸᠠᠩ ᠳ᠋ᠠ ᠾᠧᠩ ᠂ ᠸᠠᠩ ᠭᠠᠨ ᠴᠠᠩ ᠂ ᠴᠧᠨ ᠹᠠᠩ ᠶᠦᠨ ᠂ ᠶᠠᠩ ᠵᠢᠶᠠ ᡂᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠢᠠ ᠳᠤ ᠪᠢᠴᠢᠭ ᠡᠷᠭᠦᠵᠦ ᠂ ᠳᠡᠭᠡᠳᠦ ᠮᠡᠷᠭᠡᠵᠢᠯ ᠢ ᠬᠥᠭᠵᠢᠭᠦᠯᠬᠦ ᠰᠠᠨᠠᠭᠤᠯᠭᠠ ᠳᠤᠷᠠᠳᠪᠠ᠃ ᠡᠨᠡ ᠬᠦ ᠰᠠᠨᠠᠭᠤᠯᠭᠠ ᠶᠢ ᠬᠣᠵᠢᠮ ᠨᠢ 《 863 ᠲᠥᠯᠥᠪᠯᠡᠭᠡ 》 ᠭᠡᠵᠦ ᠨᠡᠷᠡᠶᠢᠳᠪᠡ᠃ ᠳ᠋ᠧᠩ ᠰᠢᠶᠤᠤ ᠫᠢᠩ ᠡᠨᠡ ᠬᠦ ᠰᠠᠨᠠᠭᠤᠯᠭᠠ᠄ ᠡᠨᠡ ᠶᠠᠪᠤᠳᠠᠯ ᠲᠦᠷᠭᠡᠨ ᠰᠢᠶᠳᠪᠦᠷᠢ ᠭᠠᠷᠭᠠᠬᠤ ᠬᠡᠷᠡᠭᠲᠡᠶ ᠂ ᠬᠣᠶᠢᠰᠢᠯᠠᠭᠤᠯᠵᠤ ᠪᠣᠯᠬᠤ ᠦᠭᠡᠢ ᠃ 11  ᠰᠠᠷᠠ ᠶᠢᠨ 18  ᠤ ᠡᠳᠦᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠ ᠂ ᠲᠦᠷᠦ ᠶᠢᠨ ᠶᠠᠪᠤᠳᠠᠯ ᠤᠨ ᠬᠣᠷᠢᠶᠠ 《 ᠳᠡᠭᠡᠳᠦ ᠮᠡᠷᠭᠡᠵᠢᠯ ᠢ ᠰᠤᠳᠤᠯᠤᠨ ᠬᠥᠭᠵᠢᠭᠦᠯᠬᠦ ᠲᠥᠯᠥᠪᠯᠡᠭᠡ 〈 863 ᠲᠥᠯᠥᠪᠯᠡᠭᠡ 〉  ᠶᠢᠨ ᠲᠣᠪᠴᠢ 》  ᠶᠢ  ᠲᠠᠷᠬᠠᠭᠠᠪᠠ᠃ 《 ᠲᠣᠪᠴᠢ 》  ᠳᠤ ᠠᠮᠢᠳᠤ ᠪᠣᠳᠠᠰ ᠤᠨ ᠮᠡᠷᠭᠡᠵᠢᠯ ᠂ ᠰᠠᠨᠰᠠᠷ ᠤᠨ ᠠᠶᠠᠯᠠᠯ ᠤᠨ ᠮᠡᠷᠭᠡᠵᠢᠯ ᠂ ᠮᠡᠳᠡᠭᠡ ᠵᠠᠩᠭᠢ ᠶᠢᠨ ᠮᠡᠷᠭᠡᠵᠢᠯ ᠂ ᠲᠡᠷᠢᠭᠦᠨ ᠦ ᠰᠡᠷᠭᠡᠶᠢᠯᠡᠨ ᠬᠠᠮᠠᠭᠠᠯᠠᠬᠤ ᠮᠡᠷᠭᠡᠵᠢᠯ ᠂ ᠠᠦ᠋ᠲ᠋ᠣᠴᠢᠯᠠᠬᠤ ᠮᠡᠷᠭᠡᠵᠢᠯ ᠂ ᠡᠨᠧᠷᠭᠢ ᠶᠢᠨ ᠮᠡᠷᠭᠡᠵᠢᠯ ᠪᠠ ᠰᠢᠨᠡ ᠮᠠᠲ᠋ᠧᠷᠢᠶᠠᠯ ᠵᠡᠷᠭᠡ 7 ᠬᠦᠷᠢᠶᠡᠨ ᠳᠡᠬᠢ 15 ᠭᠣᠣᠯ ᠰᠡᠳᠦᠪᠲᠦ ᠵᠦᠢᠯᠡᠰ ᠢ ᠳᠤᠷᠠᠳᠤᠨ ᠭᠠᠷᠭᠠᠵᠤ ᠂ ᠳᠤᠮᠳᠠᠳᠤ ᠤᠯᠤᠰ ᠤᠨ ᠬᠣᠶᠢᠰᠢᠳᠠ ᠶᠢᠨ ᠳᠡᠭᠡᠳᠦ ᠮᠡᠷᠭᠡᠵᠢᠯ ᠢ ᠬᠥᠭᠵᠢᠭᠦᠯᠬᠦ ᠭᠣᠣᠯᠳᠠᠯᠭᠠ ᠪᠣᠯᠭᠠᠪᠠ᠃