ᠵᠤᠬᠢᠶᠠᠭᠴᠢ: 
							ᠴᠠᠭ:2022-04-15
							ᠥᠵᠡᠭᠰᠡᠨ :  ℃
                                                        ᠢᠷᠡᠯᠲᠡ:        
						
						
							ᠳᠤᠮᠳᠠᠳᠤ ᠤᠯᠤᠰ ᠠᠩᠬᠠᠳᠠᠭᠴᠢ ᠳᠣᠬᠢᠭᠤᠷ ᠲᠤᠯᠤᠭᠠᠨ ᠣᠲᠣ ᠬᠣᠶᠠᠳᠤᠭᠠᠷ ᠨᠡᠷᠡᠮᠵᠢᠲᠦ ᠠᠶᠠᠯᠠᠯ ᠵᠠᠯᠠᠬᠤ ᠳᠠᠭᠠᠭᠤᠯᠢ ᠣᠲᠣ ᠶᠢ ᠠᠮᠵᠢᠯᠲᠠᠲᠠᠶ ᠬᠠᠷᠪᠤᠪᠠ						
						
						
 
2007 ᠣᠨ ᠤ 4  ᠰᠠᠷᠠ ᠶᠢᠨ 14  ᠦ ᠡᠳᠦᠷ ᠂ ᠳᠤᠮᠳᠠᠳᠤ ᠤᠯᠤᠰ ᠠᠩᠬᠠᠳᠠᠭᠴᠢ ᠳᠣᠬᠢᠭᠤᠷ ᠲᠤᠯᠤᠭᠠᠨ ᠣᠲᠣ ᠬᠣᠶᠠᠳᠤᠭᠠᠷ ᠨᠡᠷᠡᠮᠵᠢᠲᠦ ᠠᠶᠠᠯᠠᠯ ᠵᠠᠯᠠᠬᠤ ᠳᠠᠭᠠᠭᠤᠯᠢ ᠣᠲᠣ ᠶᠢ ᠠᠮᠵᠢᠯᠲᠠᠲᠠᠶ ᠬᠠᠷᠪᠤᠵᠤ ᠂ ᠳᠤᠮᠳᠠᠳᠤ ᠤᠯᠤᠰ ᠤᠨ ᠬᠣᠶᠠᠳᠤᠭᠠᠷ ᠦᠶᠡ ᠶᠢᠨ ᠳᠠᠭᠠᠭᠤᠯᠢ ᠣᠳᠣᠨ ᠤ ᠠᠶᠠᠯᠠᠯ ᠵᠠᠯᠠᠬᠤ ᠰᠢᠰᠲ᠋ᠧᠮ ᠢ ᠵᠢᠩᠬᠢᠨᠢ ᠪᠡᠷ ᠪᠡᠶᠡ ᠪᠡᠨ ᠳᠠᠭᠠᠭᠠᠵᠤ ᠡᠵᠡᠨ ᠮᠡᠳᠡᠨ ᠪᠠᠶᠢᠭᠤᠯᠵᠤ ᠡᠬᠢᠯᠡᠪᠡ᠃ 2017 ᠣᠨ ᠤ 11  ᠰᠠᠷᠠ ᠶᠢᠨ 5  ᠤ ᠡᠳᠦᠷ ᠂ ᠳᠣᠬᠢᠭᠤᠷ ᠲᠤᠯᠤᠭᠠᠨ ᠣᠲᠣ ᠭᠤᠷᠪᠠᠳᠤᠭᠠᠷ ᠤᠨ ᠨᠢᠭᠡᠳᠦᠭᠡᠷ ᠂ ᠬᠣᠶᠠᠳᠤᠭᠠᠷ   ᠳᠠᠭᠠᠭᠤᠯᠢ ᠣᠲᠣ ᠶᠢ 《 ᠨᠢᠭᠡ ᠲᠡᠶᠢᠷᠦᠯᠲᠦ ᠰᠤᠮᠤ ᠪᠠᠷ   ᠣᠲᠣ ᠬᠠᠷᠪᠤᠬᠤ 》 ᠠᠷᠭᠠ ᠬᠡᠯᠪᠡᠷᠢ ᠪᠡᠷ ᠠᠮᠵᠢᠯᠲᠠᠲᠠᠶ    ᠨᠢ ᠳᠣᠬᠢᠭᠤᠷ ᠲᠤᠯᠤᠭᠠᠨ ᠣᠲᠣ ᠨᠡᠷᠡᠮᠵᠢᠲᠦ ᠠᠶᠠᠯᠠᠯ ᠵᠠᠯᠠᠬᠤ ᠰᠢᠰᠲ᠋ᠧᠮ ᠦᠨ ᠪᠥᠬᠥ ᠪᠥᠮᠪᠥᠷᠴᠡᠭ   ᠠᠵᠢᠯ ᠡᠬᠢᠯᠡᠭᠰᠡᠨ ᠢ ᠬᠠᠷᠠᠭᠤᠯᠵᠤ  ᠃ ᠡᠨᠡ ᠪᠣᠯ ᠠᠮᠧᠷᠢᠺᠠ ᠶᠢᠨ ᠪᠥᠬᠥ ᠪᠥᠮᠪᠥᠷᠴᠡᠭ ᠦᠨ ᠪᠠᠶᠢᠷᠢ ᠲᠣᠭᠲᠠᠭᠠᠬᠤ ᠰᠢᠰᠲ᠋ᠧᠮ ( GPS ) ᠂ ᠣᠷᠣᠰ ᠤᠨ ᠭᠯᠤᠨᠠᠰ ᠰᠢᠰᠲ᠋ᠧᠮ ᠂ ᠧᠦ᠋ᠷᠣᠫᠠ ᠭᠠᠯᠢᠯᠧᠶ ᠰᠢᠰᠲ᠋ᠧᠮ ᠲᠡᠶ ᠵᠡᠷᠭᠡᠴᠡᠭᠰᠡᠨ ᠪᠥᠬᠥ ᠪᠥᠮᠪᠥᠷᠴᠡᠭ ᠦᠨ ᠳᠠᠭᠠᠭᠤᠯᠢ ᠣᠳᠣᠨ ᠤ ᠠᠶᠠᠯᠠᠯ ᠵᠠᠯᠠᠬᠤ ᠰᠢᠰᠲ᠋ᠧᠮ ᠪᠣᠯᠤᠨᠠ᠃ 2018 ᠣᠨ ᠤ 12  ᠰᠠᠷᠠ ᠶᠢᠨ 27  ᠤ ᠡᠳᠦᠷ ᠂ ᠳᠣᠬᠢᠭᠤᠷ ᠲᠤᠯᠤᠭᠠᠨ ᠣᠲᠣ ᠭᠤᠷᠪᠠᠳᠤᠭᠠᠷ ᠤᠨ ᠦᠨᠳᠦᠰᠦᠨ ᠰᠢᠰᠲ᠋ᠧᠮ ᠪᠠᠶᠢᠭᠤᠯᠤᠭᠳᠠᠭᠰᠠᠨ ᠢᠶᠠᠨ ᠲᠤᠩᠬᠠᠭᠯᠠᠭᠰᠠᠨ ᠪᠥᠭᠡᠳ ᠪᠥᠬᠥ ᠪᠥᠮᠪᠥᠷᠴᠡᠭ ᠦᠨ ᠦᠶᠯᠡᠴᠢᠯᠡᠭᠡ ᠬᠠᠩᠭᠠᠵᠤ ᠡᠬᠢᠯᠡᠪᠡ᠃