ᠵᠤᠬᠢᠶᠠᠭᠴᠢ: 
							ᠴᠠᠭ:2022-05-09
							ᠥᠵᠡᠭᠰᠡᠨ :  ℃
                                                        ᠢᠷᠡᠯᠲᠡ:        
						
						
							《 ᠳ᠋ᠦᠩ ᠹᠠᠩ ᠬᠣᠩ 》 1  ᠳᠡᠯᠡᠬᠡᠶ ᠶᠢᠨ ᠪᠥᠮᠪᠥᠷᠴᠡᠭ ᠦᠨ ᠬᠢᠮᠡᠯ ᠳᠠᠭᠠᠭᠤᠯᠢ ᠣᠲᠣ ᠶᠢ ᠠᠮᠵᠢᠯᠲᠠ ᠲᠠᠶ ᠪᠠᠷ ᠬᠠᠷᠪᠤᠪᠠ						
						
						 
1970 ᠣᠨ ᠤ 4  ᠰᠠᠷᠠ ᠶᠢᠨ 24  ᠦ ᠡᠳᠦᠷ ᠂ ᠳᠤᠮᠳᠠᠳᠤ ᠤᠯᠤᠰ ᠠᠩᠬᠠᠳᠠᠭᠴᠢ ᠳᠡᠯᠡᠬᠡᠶ ᠶᠢᠨ ᠪᠥᠮᠪᠥᠷᠴᠡᠭ ᠦᠨ ᠬᠢᠮᠡᠯ ᠳᠠᠭᠠᠭᠤᠯᠢ ᠤᠳᠤ 《 ᠳ᠋ᠦᠩ ᠹᠠᠩ ᠬᠣᠩ 》 1 ᠨᠡᠷᠡᠮᠵᠢᠲᠦ ᠶᠢ ᠠᠮᠵᠢᠯᠲᠠᠲᠠᠶ ᠬᠠᠷᠪᠤᠪᠠ᠃ ᠳᠠᠭᠠᠭᠤᠯᠢ ᠣᠳᠣᠨ ᠤ ᠲᠣᠭᠣᠷᠢᠯᠲᠠ ᠶᠢᠨ ᠵᠠᠮ ᠨᠢ ᠳᠡᠯᠡᠬᠡᠶ ᠶᠢᠨ ᠪᠥᠮᠪᠥᠷᠴᠡᠭ ᠡᠴᠡ ᠬᠠᠮᠤᠭ  ᠣᠶᠢᠷᠠ ᠴᠡᠭ 439 ᠺᠢᠯᠣᠮᠧᠲ᠋ᠷ ᠂ ᠬᠠᠮᠤᠭ  ᠬᠣᠯᠠ ᠴᠡᠭ 2384 ᠺᠢᠯᠣᠮᠧᠲ᠋ᠷ ᠂ ᠲᠣᠭᠣᠷᠢᠯᠲᠠ ᠶᠢᠨ ᠵᠠᠮ ᠤᠨ ᠬᠠᠪᠲᠠᠭᠠᠶ ᠪᠠ ᠳᠡᠯᠡᠬᠡᠶ ᠶᠢᠨ ᠪᠥᠮᠪᠥᠷᠴᠡᠭ ᠦᠨ ᠪᠦᠰᠡᠯᠡᠭᠦᠷ ᠦᠨ ᠬᠠᠪᠲᠠᠭᠠᠶ ᠶᠢᠨ ᠬᠠᠪᠴᠢᠭᠰᠠᠨ ᠥᠨᠴᠥᠭ 68.5 ᠭᠷᠠᠳᠦ᠋ᠰ ᠪᠠᠶᠢᠵᠤ ᠂ ᠳᠡᠯᠡᠬᠡᠶ ᠶᠢᠨ ᠪᠥᠮᠪᠥᠷᠴᠡᠭ ᠢ ᠨᠢᠭᠡ   114   ᠪᠣᠯᠤᠨᠠ᠃ ᠳᠠᠭᠠᠭᠤᠯᠢ ᠣᠳᠣᠨ ᠤ ᠬᠦᠨᠳᠦ  173 ᠺᠢᠯᠣᠭ᠍ᠷᠠᠮ᠃ 《 ᠳ᠋ᠦᠩ ᠹᠠᠩ ᠬᠣᠩ 》 ᠨᠢᠭᠡᠳᠦᠭᠡᠷ ᠢ ᠠᠮᠵᠢᠯᠲᠠ ᠲᠠᠶ ᠬᠠᠷᠪᠤᠨ  ᠨᠢ ᠳᠤᠮᠳᠠᠳᠤ ᠤᠯᠤᠰ ᠢ ᠳᠡᠯᠡᠬᠡᠢ ᠳᠡᠭᠡᠷᠡᠬᠢ ᠳᠡᠯᠡᠬᠡᠢ ᠶᠢᠨ ᠪᠥᠮᠪᠥᠷᠴᠡᠭ ᠦᠨ ᠬᠢᠮᠡᠯ ᠳᠠᠭᠠᠭᠤᠯᠢ ᠤᠳᠤ ᠶᠢ ᠪᠡᠶᠡ ᠪᠡᠨ ᠳᠠᠭᠠᠭᠠᠵᠤ ᠰᠤᠳᠤᠯᠤᠨ ᠦᠢᠯᠡᠳᠦᠭᠰᠡᠨ ᠪᠠ ᠬᠠᠷᠪᠤᠨ  ᠲᠠᠪᠤᠳᠠᠬᠢ ᠤᠯᠤᠰ ᠪᠣᠯᠭᠠᠭᠰᠠᠨ  ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ ᠮᠡᠷᠭᠡᠵᠢᠯ ᠦᠨ ᠰᠤᠳᠤᠯᠭᠠᠨ ᠤ ᠲᠠᠯᠠ ᠪᠠᠷ ᠲᠡᠦᠬᠡᠲᠦ ᠴᠢᠨᠠᠷᠲᠠᠢ ᠴᠢᠬᠤᠯᠠ ᠶᠡᠬᠡ ᠰᠢᠪᠲᠤᠯᠤᠯᠲᠠ ᠲᠠᠶ ᠪᠣᠯᠤᠭᠰᠠᠨ ᠢ  ᠪᠠᠶᠢᠨᠠ᠃