ᠵᠤᠬᠢᠶᠠᠭᠴᠢ:
ᠴᠠᠭ:2024-04-25
ᠥᠵᠡᠭᠰᠡᠨ : ℃
ᠢᠷᠡᠯᠲᠡ:
ᠳᠤᠮᠳᠠᠳᠤ ᠤᠯᠤᠰ ᠠᠩᠬᠠᠳᠠᠭᠴᠢ ᠳᠡᠯᠡᠬᠡᠶ ᠶᠢᠨ ᠪᠥᠮᠪᠥᠷᠴᠡᠭ ᠦᠨ ᠬᠢᠮᠡᠯ ᠳᠠᠭᠠᠭᠤᠯᠢ ᠣᠳᠣ︽ᠳ᠋ᠦᠩ ᠹᠠᠩ ᠬᠣᠩ ᠨᠢᠭᠡᠳᠦᠭᠡᠷ ︾ ᠢ ᠠᠮᠵᠢᠯᠲᠠ ᠲᠠᠶ ᠪᠠᠷ ᠬᠠᠷᠪᠤᠪᠠ
1970 ᠣᠨ ᠤ 4 ᠰᠠᠷ᠎ᠠ ᠶᠢᠨ 24 ᠦ ᠡᠳᠦᠷ᠂ ᠳᠤᠮᠳᠠᠳᠤ ᠤᠯᠤᠰ ᠠᠩᠬᠠᠳᠠᠭᠴᠢ ᠳᠡᠯᠡᠬᠡᠶ ᠶᠢᠨ ᠪᠥᠮᠪᠥᠷᠴᠡᠭ ᠦᠨ ᠬᠢᠮᠡᠯ ᠳᠠᠭᠠᠭᠤᠯᠢ ᠤᠳᠤ 《ᠳ᠋ᠦᠩ ᠹᠠᠩ ᠬᠣᠩ ᠨᠢᠭᠡᠳᠦᠭᠡᠷ》 ᠢ ᠠᠮᠵᠢᠯᠲᠠ ᠲᠠᠶ ᠪᠠᠷ ᠬᠠᠷᠪᠤᠨ ᠭᠠᠷᠭᠠᠪᠠ ᠃ ᠳᠠᠭᠠᠭᠤᠯᠢ ᠣᠳᠣᠨ ᠤ ᠡᠷᠭᠢᠯᠲᠡ ᠶᠢᠨ ᠲᠣᠭᠣᠷᠢᠯᠲᠠ ᠶᠢᠨ ᠵᠠᠮ ᠤᠨ ᠳᠡᠯᠡᠬᠡᠶ ᠶᠢᠨ ᠪᠥᠮᠪᠥᠷᠴᠡᠭ ᠡᠴᠡ ᠬᠠᠮᠤᠭ ᠤᠨ ᠣᠶᠢᠷ᠎ᠠ ᠴᠡᠭ ᠨᠢ 439 ᠺᠢᠯᠣᠮᠧᠲ᠋ᠷ ᠂ ᠬᠠᠮᠤᠭ ᠤᠨ ᠬᠣᠯᠠ ᠴᠡᠭ ᠨᠢ 2384 ᠺᠢᠯᠣᠮᠧᠲ᠋ᠷ ᠂ ᠲᠣᠭᠣᠷᠢᠯᠲᠠ ᠶᠢᠨ ᠵᠠᠮ ᠤᠨ ᠬᠠᠪᠲᠠᠭᠠᠶ ᠪᠠ ᠳᠡᠯᠡᠬᠡᠶ ᠶᠢᠨ ᠪᠦᠰᠡᠯᠡᠭᠦᠷ ᠦᠨ ᠬᠠᠪᠲᠠᠭᠠᠶ ᠶᠢᠨ ᠬᠠᠪᠴᠢᠭᠰᠠᠨ ᠥᠨᠴᠥᠭ ᠨᠢ 68.5 ᠭᠷᠠᠳᠦ᠋ᠰ ᠪᠠᠶᠢᠵᠤ ᠂ ᠳᠡᠯᠡᠬᠡᠶ ᠶᠢᠨ ᠪᠥᠮᠪᠥᠷᠴᠡᠭ ᠢ ᠨᠢᠭᠡ ᠲᠣᠭᠣᠷᠢᠬᠤ 114 ᠃ ᠳᠠᠭᠠᠭᠤᠯᠢ ᠣᠳᠣᠨ ᠤ ᠬᠦᠨᠳᠦ ᠨᠢ 173 ᠺᠢᠯᠣᠭ᠍ᠷᠠᠮ ᠃ 《ᠳ᠋ᠦᠩ ᠹᠠᠩ ᠬᠣᠩ ᠨᠢᠭᠡᠳᠦᠭᠡᠷ》ᠳᠠᠭᠠᠭᠤᠯᠢ ᠤᠳᠤ ᠶᠢ ᠠᠮᠵᠢᠯᠲᠠ ᠲᠠᠶ ᠪᠠᠷ ᠬᠠᠷᠪᠤᠨ ᠭᠠᠷᠭᠠᠭᠰᠠᠨ ᠶᠠᠪᠤᠳᠠᠯ ᠨᠢ ᠳᠤᠮᠳᠠᠳᠤ ᠤᠯᠤᠰ ᠢ ᠳᠡᠯᠡᠬᠡᠶ ᠳᠤ ᠳᠡᠯᠡᠬᠡᠶ ᠶᠢᠨ ᠪᠥᠮᠪᠥᠷᠴᠡᠭ ᠦᠨ ᠬᠢᠮᠡᠯ ᠳᠠᠭᠠᠭᠤᠯᠢ ᠤᠳᠤ ᠶᠢ ᠪᠡᠶ᠎ᠡ ᠪᠡᠨ ᠳᠠᠭᠠᠭᠠᠵᠤ ᠰᠤᠳᠤᠯᠤᠨ ᠦᠢᠯᠡᠳᠦᠭᠰᠡᠨ ᠪᠠ ᠬᠠᠷᠪᠤᠨ ᠭᠠᠷᠭᠠᠭᠰᠠᠨ ᠲᠠᠪᠤᠳᠠᠬᠢ ᠤᠯᠤᠰ ᠪᠣᠯᠭᠠᠭᠰᠠᠨ ᠪᠠᠶᠢᠨ᠎ᠠ᠂ ᠡᠨᠡ ᠨᠢ ᠳᠤᠮᠳᠠᠳᠤ ᠤᠯᠤᠰ ᠰᠠᠨᠰᠠᠷ ᠤᠨ ᠠᠶᠠᠯᠠᠯ ᠤᠨ ᠮᠡᠷᠭᠡᠵᠢᠯ ᠦᠨ ᠰᠤᠳᠤᠯᠭᠠᠨ ᠤ ᠲᠠᠯ᠎ᠠ ᠪᠠᠷ ᠲᠡᠦᠬᠡᠲᠦ ᠴᠢᠨᠠᠷᠲᠠᠶ ᠴᠢᠬᠤᠯᠠ ᠶᠡᠬᠡ ᠰᠢᠪᠲᠤᠯᠤᠯᠲᠠ ᠲᠠᠶ ᠪᠣᠯᠤᠭᠰᠠᠨ ᠢ ᠬᠠᠷᠠᠭᠤᠯᠪᠠ ᠃