ᠵᠤᠬᠢᠶᠠᠭᠴᠢ:
ᠴᠠᠭ:2026-04-15
ᠥᠵᠡᠭᠰᠡᠨ : ℃
ᠢᠷᠡᠯᠲᠡ:
︽ᠬᠦᠰᠡᠯ ᠢᠨᠵᠧᠨᠧᠷᠢᠩ︾ ᠢ ᠡᠬᠢᠯᠡᠨ ᠬᠡᠷᠡᠭᠵᠢᠭᠦᠯᠪᠡ
1991 ᠣᠨ ᠤ 4 ᠰᠠᠷ᠎ᠠ ᠢᠢᠨ 15 ᠤ ᠡᠳᠦᠷ᠂ ᠲᠥᠪ ᠬᠣᠷᠢᠶᠠᠨ ᠤ ᠳᠤᠮᠳᠠᠳᠤ ᠤᠯᠤᠰ ᠤᠨ ᠵᠠᠯᠠᠭᠤᠴᠤᠳ ᠪᠠᠭᠠᠴᠤᠳ ᠤᠨ ᠬᠥᠭᠵᠢᠯᠲᠡ ᠢᠢᠨ ᠰᠠᠭᠤᠷᠢ ᠮᠥᠩᠭᠦᠨ ᠦ ᠨᠡᠶᠢᠭᠡᠮᠯᠢᠭ ᠪᠡᠭᠡᠵᠢᠩ ᠳᠦ ᠰᠣᠨᠢᠨ ᠮᠡᠳᠡᠭᠡ ᠨᠡᠶᠢᠲᠡᠯᠡᠬᠦ ᠬᠤᠷᠠᠯ ᠬᠢᠵᠦ᠂ ᠲᠤᠬᠠᠢ ᠢᠢᠨ ᠡᠳᠦᠷ ᠡᠴᠡ ᠡᠬᠢᠯᠡᠨ ᠪᠦᠬᠦ ᠤᠯᠤᠰ ᠲᠤ 《ᠬᠦᠰᠡᠯ ᠢᠨᠵᠧᠨᠧᠷᠢᠩ – ᠵᠠᠭᠤᠨ ᠲᠦᠮᠡᠨ ᠬᠥᠮᠦᠨ ᠦ ᠬᠠᠶᠢᠷ᠎ᠠ ᠬᠠᠯᠠᠮᠵᠢ ᠢᠢᠨ ᠠᠵᠢᠯᠯᠠᠭ᠎ᠠ》 ᠢᠢᠨ ᠲᠥᠯᠦᠪᠯᠡᠭᠡ ᠢᠢ ᠬᠡᠷᠡᠭᠵᠢᠭᠦᠯᠦᠭᠰᠡᠨ ᠢᠶᠡᠷ᠂ ᠨᠡᠩ ᠤᠯᠠᠨ ᠬᠥᠮᠦᠨ ᠢ ᠳᠠᠶᠢᠴᠢᠯᠠᠨ 《ᠬᠦᠰᠡᠯ ᠢᠨᠵᠧᠨᠧᠷᠢᠩ》 ᠳᠦ ᠣᠷᠤᠯᠴᠠᠭᠤᠯᠵᠤ᠂ ᠳᠤᠮᠳᠠᠳᠤ ᠤᠯᠤᠰ ᠤᠨ ᠶᠠᠳᠠᠭᠤ ᠡᠴᠡ ᠪᠣᠯᠵᠤ ᠰᠤᠷᠤᠯᠭ᠎ᠠ ᠠᠯᠳᠠᠭᠰᠠᠨ ᠬᠡᠦᠬᠡᠳ ᠲᠦ ᠰᠤᠷᠭᠠᠨ ᠬᠥᠮᠦᠵᠢᠯ ᠬᠦᠷᠲᠡᠬᠦ ᠦᠨᠳᠦᠰᠦᠨ ᠡᠷᠬᠡ ᠣᠯᠭᠤᠬᠤ ᠪᠠᠷ ᠵᠣᠷᠢᠯᠲᠠ ᠪᠣᠯᠭᠠᠵᠠᠢ᠃