ᠵᠤᠬᠢᠶᠠᠭᠴᠢ:
ᠴᠠᠭ:2018-09-22
ᠥᠵᠡᠭᠰᠡᠨ : ℃
ᠢᠷᠡᠯᠲᠡ:
ᠢᠳᠠᠮ ᠭᠡᠳᠡᠭ ᠨᠢ ᠦᠪᠡᠷ ᠤᠨ ᠰᠢᠲᠦᠭᠡᠨ ᠭᠡᠰᠡᠨ ᠤᠳᠬ᠎ᠠ ᠲᠠᠢ᠂ ᠪᠤᠷᠬᠠᠨ ᠱᠠᠰᠢᠨ ᠤ ᠦᠵᠡᠯᠲᠡ ᠪᠠᠷ ᠪᠤᠯ ᠬᠦᠮᠦᠨ ᠪᠦᠬᠦᠨ ᠳᠤ ᠦᠪᠡᠷ ᠢ ᠨᠢ ᠲᠤᠰᠠᠯᠠᠵᠦ ᠲᠡᠮᠵᠢᠳᠡᠭ ᠰᠢᠲᠦᠭᠡᠨ ᠪᠠᠶᠢᠳᠠᠭ᠃ ᠡᠭᠦᠨ ᠢ ᠨᠢ ᠢᠳᠠᠮ ᠭᠡᠳᠡᠭ᠃
ᠮᠤᠩᠭᠤᠯ ᠬᠦᠮᠦᠨ ᠤ ᠢᠳᠠᠮ ᠪᠤᠯ ᠲᠡᠭᠷᠢ᠂ ᠭᠠᠵᠠᠷ ᠪᠠ ᠲᠡᠭᠦᠨ ᠤ ᠲᠠᠯᠢᠢᠭᠴᠢ ᠲᠡᠭᠡᠳᠦᠰ ᠪᠤᠯᠤᠨ᠎ᠠ᠃
ᠮᠤᠩᠭᠤᠯᠴᠤᠳ ᠠᠷᠢᠬᠢ ᠢᠳᠡᠭᠡᠨ ᠤ ᠲᠡᠭᠡᠵᠢ ᠪᠠᠨ ᠲᠦᠷᠪᠡᠳᠦᠭᠡᠷ ᠬᠤᠷᠤᠭᠤ ᠪᠠᠷ ᠢᠶᠠᠨ ᠰᠡᠷᠵᠢᠮᠯᠡᠨ ᠡᠷᠭᠦᠳᠡᠭ ᠵᠠᠩᠰᠢᠯ ᠲᠠᠢ᠃ ᠲᠡᠷᠡᠶᠢᠬᠦ ᠰᠡᠷᠵᠢᠮ ᠡᠷᠭᠦᠳᠡᠭ ᠬᠤᠷᠤᠭᠤ ᠶᠢ ᠢᠳᠠᠮ ᠬᠤᠷᠤᠭᠤ ᠭᠡᠳᠡᠭ᠃
ᠡᠷᠡᠬᠡᠢ ᠬᠤᠷᠤᠭᠤ ᠨᠢ ᠪᠤᠰᠤᠳ ᠢ ᠰᠠᠶᠢᠰᠢᠶᠠᠨ ᠮᠠᠭᠲᠠᠬᠤ ᠳᠤ ᠬᠡᠷᠡᠭᠯᠡᠳᠡᠭ ᠪᠠ ᠡᠷᠡᠬᠡᠢ ᠮᠡᠷᠭᠡᠨ ᠬᠡᠮᠡᠨ ᠨᠤᠮᠤ ᠰᠤᠮᠤ ᠬᠠᠷᠪᠤᠳᠠᠭ ᠲᠤᠯᠠ ᠪᠢᠯᠳᠠᠤᠴᠢ ᠮᠦᠷᠳᠡᠭᠡᠨ ᠲᠠᠶᠢᠨᠴᠢ᠃
ᠳᠣᠯᠣᠪᠤᠷ ᠬᠤᠷᠤᠭᠤ ᠨᠢ ᠪᠤᠰᠤᠳ ᠢ ᠵᠢᠭᠠᠨ ᠬᠠᠷᠢᠶᠠᠬᠤ ᠳᠤ ᠭᠠᠪᠰᠢᠭᠠᠶᠢᠯᠠᠳᠠᠭ ᠪᠦᠭᠡᠳ ᠢᠳᠡᠭᠡᠨ ᠤᠮᠳᠠᠭᠠᠨ ᠢ ᠲᠤᠯᠤᠪᠤᠷ ᠢᠶᠠᠷ ᠢᠶᠠᠨ ᠡᠯᠭᠦᠨ ᠲᠤᠯᠢᠶᠠᠵᠦ ᠢᠳᠡᠳᠡᠭ᠃
ᠲᠤᠮᠳᠠ ᠬᠤᠷᠤᠭᠤ ᠬᠠᠮᠤᠭ ᠤᠷᠲᠤ ᠪᠤᠯᠤᠨ ᠪᠤᠰᠤᠳ ᠠᠴᠠ ᠲᠡᠷᠢᠭᠦᠨ ᠳᠤ ᠶᠠᠮᠠᠷᠴᠦ ᠶᠠᠭᠤᠮᠠᠨ ᠳᠤ ᠬᠦᠷᠴᠢᠭᠡᠳᠡᠭ᠃
ᠰᠢᠭᠡᠵᠢ ᠬᠤᠷᠤᠭᠤ ᠨᠢ ᠨᠡᠩ ᠴᠦ ᠪᠤᠰᠤᠳ ᠢ ᠮᠠᠭᠤᠯᠠᠳᠠᠭ ᠲᠤᠯᠠ ᠪᠠᠰᠠᠴᠦ ᠴᠡᠪᠡᠷ ᠪᠢᠰᠢ᠃
ᠡᠴᠦᠰ ᠲᠤ ᠭᠠᠭᠴᠠᠬᠠᠨ ᠲᠦᠷᠪᠡᠳᠦᠭᠡᠷ ᠬᠤᠷᠤᠭᠤ ᠨᠢ ᠬᠠᠮᠤᠭ ᠴᠡᠪᠡᠷ ᠪᠤᠯᠤᠭᠰᠠᠨ ᠲᠤᠯᠠ ᠢᠳᠠᠮ ᠨᠡᠷ᠎ᠡ ᠶᠢ ᠤᠯᠵᠦ ᠰᠡᠷᠵᠢᠮ ᠡᠷᠭᠦᠭᠦ ᠪᠤᠯᠵᠠᠢ᠃