ᠵᠤᠬᠢᠶᠠᠭᠴᠢ:
ᠴᠠᠭ:2018-09-17
ᠥᠵᠡᠭᠰᠡᠨ : ℃
ᠢᠷᠡᠯᠲᠡ:
ᠮᠤᠩᠭᠤᠯᠴᠤᠳ ᠴᠠᠭᠠᠨ ᠢᠳᠡᠭᠡᠨ ᠢ ᠲᠡᠭᠡᠳᠦ ᠢᠳᠡᠭᠡᠨ ᠢᠶᠠᠷ ᠦᠵᠡᠵᠦ᠂ ᠮᠠᠰᠢ ᠡᠷᠬᠢᠮᠰᠦᠭ ᠪᠤᠯᠪᠠᠰᠤᠨ ᠶᠤᠰᠤ ᠵᠠᠩᠰᠢᠯ ᠢ ᠪᠠᠷᠢᠮᠳᠠᠯᠠᠨ ᠡᠳ᠋ᠯᠡᠵᠦ ᠠᠮᠰᠠᠳᠠᠭ ᠪᠢᠯᠡ᠃ ᠵᠢᠯ ᠴᠠᠭᠠᠨ ᠰᠠᠷ᠎ᠠ ᠪᠤᠯᠬᠤ᠂ ᠬᠤᠷᠢᠮ ᠨᠠᠶᠢᠷ ᠬᠢᠬᠦ᠂ ᠪᠠᠶᠠᠷ ᠲᠤᠷᠠᠰᠬᠠᠯ ᠤᠨ ᠡᠳᠦᠷ ᠢ ᠪᠡᠯᠭᠡᠯᠡᠬᠦ ᠪᠤᠶᠤ ᠶᠡᠷᠦ ᠵᠢᠨ ᠦᠶᠡᠰ ᠠᠶᠢᠯᠴᠢᠯᠡᠨ ᠢᠷᠡᠭᠰᠡᠨ ᠭᠡᠶᠢᠴᠢᠨ ᠵᠤᠴᠢᠨ ᠢᠶᠠᠨ ᠴᠠᠭᠠᠨ ᠢᠳᠡᠭᠡᠨ ᠢᠶᠠᠷ ᠬᠦᠨᠳᠦᠳᠭᠡᠨ ᠵᠤᠴᠢᠯᠠᠳᠠᠭ᠃ ᠡᠶᠢᠮᠦ ᠴᠠᠭᠠᠨ ᠢᠳᠡᠭᠡᠨ ᠳᠤ ᠭᠤᠤᠯᠳᠠᠭᠤ ᠦᠷᠦᠮ᠎ᠡ᠂ ᠠᠭᠠᠷᠤᠤᠯ ᠬᠤᠷᠤᠳ᠂ ᠰᠢᠷ᠎ᠠ ᠲᠤᠰᠤ᠂ ᠵᠦᠭᠡᠭᠡᠢ᠂ ᠡᠭᠡᠵᠡᠭᠡᠢ᠂ ᠴᠠᠭᠠᠨ ᠲᠤᠰᠤ᠂ ᠴᠤᠷ᠎ᠠ ᠵᠡᠷᠭᠡ ᠪᠠᠶᠢᠳᠠᠭ᠃
ᠡᠳᠡᠭᠡᠷ ᠴᠠᠭᠠᠨ ᠢᠳᠡᠭᠡᠨ ᠢ ᠲᠠᠪᠠᠭ ᠲᠤ ᠰᠠᠶᠢᠬᠠᠨ ᠦᠷᠦᠵᠦ ᠵᠤᠴᠢᠨ ᠤ ᠡᠮᠦᠨᠡᠬᠢ ᠰᠢᠷᠡᠭᠡᠨ ᠲᠡᠭᠡᠷ᠎ᠡ ᠲᠠᠯᠪᠢᠵᠦ ᠦᠭᠳᠡᠭ᠃ ᠵᠤᠴᠢᠳ ᠨᠢ ᠵᠡᠭᠦᠨ ᠭᠠᠷ ᠢᠶᠠᠷ ᠢᠶᠠᠨ ᠲᠠᠪᠠᠭ ᠤᠨ ᠲᠤᠤᠷ᠎ᠠ ᠬᠡᠰᠡᠭ ᠢ ᠵᠢᠭᠠᠬᠠᠨ ᠲᠦᠯᠬᠢᠰᠭᠢᠵᠦ᠂ ᠪᠠᠷᠠᠭᠤᠨ ᠭᠠᠷ ᠤᠨ ᠡᠷᠡᠬᠡᠢ ᠲᠤᠯᠤᠪᠤᠷ ᠬᠤᠶᠠᠷ ᠬᠤᠷᠤᠭᠤ ᠪᠠᠷ ᠢᠶᠠᠨ ᠴᠠᠭᠠᠨ ᠢᠳᠡᠭᠡᠨ ᠠᠴᠠ ᠴᠢᠮᠬᠢᠨ ᠠᠪᠴᠤ ᠲᠡᠭᠷᠢ ᠭᠠᠵᠠᠷ ᠲᠤ ᠡᠷᠭᠦᠭᠰᠡᠨ ᠤ ᠲᠠᠷᠠᠭ᠎ᠠ ᠦᠪᠡᠷᠳᠡᠭᠡᠨ ᠠᠮᠰᠠᠳᠠᠭ ᠶᠤᠰᠤᠨ ᠴᠤ ᠪᠤᠢ᠃
ᠬᠤᠷᠢᠮ ᠨᠠᠶᠢᠷ ᠲᠤ ᠢᠷᠡᠭᠰᠡᠨ ᠭᠡᠶᠢᠴᠢᠳ ᠲᠤ ᠤᠷᠢᠳᠠᠪᠠᠷ ᠴᠠᠭᠠᠨ ᠢᠳᠡᠭᠡᠨ ᠤ ᠲᠡᠭᠡᠵᠢ ᠠᠮᠰᠠᠭᠤᠯᠳᠠᠭ ᠶᠤᠰᠤᠨ ᠮᠤᠩᠭᠤᠯᠴᠤᠳ ᠤᠨ ᠲᠤᠮᠳᠠ ᠨᠡᠯᠢᠶᠡᠳ ᠲᠦᠭᠡᠮᠡᠯ ᠪᠠᠶᠢᠳᠠᠭ᠃ ᠡᠨᠡ ᠨᠢ ᠬᠡᠶᠢᠴᠢᠨ ᠵᠤᠴᠢᠳ ᠤᠨ ᠦᠨᠡᠨᠴᠢ ᠴᠢᠭᠡᠴᠢ᠂ ᠠᠷᠢᠭᠤᠨ ᠴᠠᠭᠠᠪᠤᠷ ᠰᠡᠳᠬᠢᠯᠭᠡ ᠶᠢ ᠢᠯᠡᠳᠭᠡᠬᠦ ᠪᠦᠭᠡᠳ ᠨᠠᠶᠢᠷ ᠬᠤᠷᠢᠮ ᠰᠠᠶᠢᠨ ᠰᠠᠶᠢᠬᠠᠨ ᠪᠤᠯᠬᠤ ᠶᠢ ᠪᠡᠯᠭᠡᠳᠡᠭᠰᠡᠨ ᠤᠳᠬ᠎ᠠ ᠰᠠᠨᠠᠭ᠎ᠠ ᠲᠠᠢ ᠪᠠᠶᠢᠳᠠᠭ᠃ ᠡᠨᠡ ᠬᠦ ᠴᠠᠭᠠᠨ ᠢᠳᠡᠭᠡᠨ ᠤ ᠲᠡᠭᠡᠵᠢ ᠶᠢ ᠵᠠᠷᠢᠮ ᠭᠠᠵᠠᠷ ᠲᠤ ᠵᠢᠵᠢᠭ ᠲᠠᠪᠠᠭ ᠪᠤᠶᠤ ᠬᠤᠨᠳᠠᠭᠠᠨ ᠳᠤ ᠰᠢᠷ᠎ᠠ ᠲᠤᠰᠤ ᠴᠠᠭᠠᠨ ᠲᠤᠰᠤ ᠬᠢᠵᠦ ᠭᠡᠶᠢᠴᠢᠳ ᠲᠤ ᠠᠮᠰᠠᠭᠤᠯᠳᠠᠭ᠂ ᠡᠰᠡᠭᠦᠯ᠎ᠡ ᠲᠡᠭᠡᠵᠢ ᠶᠢᠨ ᠢᠶᠠᠨ ᠲᠡᠭᠡᠷ᠎ᠡ ᠲᠠᠯᠪᠢᠭᠰᠠᠨ ᠦᠷᠦᠮ᠎ᠡ ᠵᠡᠷᠭᠡ ᠠᠴᠠ ᠠᠮᠰᠠᠭᠤᠯᠳᠠᠭ᠃ ᠴᠠᠭᠠᠨ ᠢᠳᠡᠭᠡᠨ ᠤ ᠲᠡᠭᠡᠵᠢ ᠶᠢ ᠠᠮᠰᠠᠬᠤ ᠳᠠᠭᠠᠨ ᠵᠦᠪ ᠭᠠᠷ ᠤᠨ ᠢᠳᠠᠮ ᠬᠤᠷᠤᠭᠤ ᠪᠠᠷ ᠢᠶᠠᠨ ᠠᠮᠰᠠᠳᠠᠭ᠃