ᠵᠤᠬᠢᠶᠠᠭᠴᠢ:
ᠴᠠᠭ:2018-08-31
ᠥᠵᠡᠭᠰᠡᠨ : ℃
ᠢᠷᠡᠯᠲᠡ:
ᠲᠦᠷᠪᠡᠨ ᠬᠠᠳᠤᠨ
ᠪᠦᠷᠳᠡ ᠦᠵᠢᠨ (1161 ~︖)
ᠴᠢᠩᠭᠢᠰ ᠬᠠᠭᠠᠨ ᠤ ᠶᠡᠭᠡ ᠬᠠᠳᠤᠨ᠃ ᠮᠤᠩᠭᠤᠯ ᠤᠨ ᠬᠤᠩᠭᠢᠷᠠᠳ ᠠᠶᠢᠮᠠᠭ ᠤᠨ ᠲᠠᠢ ᠰᠡᠴᠡᠨ ᠤ ᠦᠬᠢᠨ᠃ ᠴᠢᠩᠭᠢᠰ ᠬᠠᠭᠠᠨ ᠲᠠᠢ ᠬᠤᠷᠢᠮᠯᠠᠭᠰᠠᠨ ᠤ ᠲᠠᠷᠠᠭ᠎ᠠ᠂ ᠵᠦᠴᠢ᠂ ᠴᠠᠭᠠᠳᠠᠢ᠂ ᠦᠭᠡᠲᠠᠢ᠂ ᠲᠤᠯᠤᠢ ᠲᠦᠷᠪᠡᠨ ᠬᠦᠪᠡᠭᠦᠨ ᠲᠦᠷᠦᠪᠡ᠃
ᠬᠤᠯᠠᠨ ᠬᠠᠳᠤᠨ
ᠴᠢᠩᠭᠢᠰ ᠬᠠᠭᠠᠨ ᠤ ᠬᠤᠶᠠᠳᠤᠭᠠᠷ ᠬᠠᠳᠤᠨ᠃ ᠮᠤᠩᠭᠤᠯ ᠤᠨ ᠮᠡᠷᠭᠢᠳ ᠠᠶᠢᠮᠠᠭ ᠤᠨᠬᠦ᠋ᠮᠦᠨ᠃ ᠬᠤᠯᠠᠨ ᠬᠠᠳᠤᠨ ᠠᠴᠠ ᠭᠤᠯᠭᠡᠨ ᠨᠡᠷᠡᠲᠦ ᠬᠦᠪᠡᠭᠦᠨ ᠲᠦᠷᠦᠪᠡ᠃
ᠶᠢᠰᠦᠢ ᠬᠠᠳᠤᠨ
ᠴᠢᠩᠭᠢᠰ ᠬᠠᠭᠠᠨ ᠤ ᠭᠤᠷᠪᠠᠳᠤᠭᠠᠷ ᠬᠠᠳᠤᠨ᠃ᠮᠤᠩᠭᠤᠯ ᠤᠨ ᠲᠠᠲ᠋ᠠᠷ ᠠᠶᠢᠮᠠᠭ ᠤᠨᠬᠦ᠋ᠮᠦᠨ᠃
ᠶᠢᠰᠦᠭᠡᠨ ᠬᠠᠲᠤᠨ
ᠴᠢᠩᠭᠢᠰ ᠬᠠᠭᠠᠨ ᠤ ᠲᠦᠷᠪᠡᠳᠦᠭᠡᠷ ᠬᠠᠳᠤᠨ᠃ ᠮᠤᠩᠭᠤᠯ ᠤᠨ ᠲᠠᠲ᠋ᠠᠷ ᠠᠶᠢᠮᠠᠭ ᠤᠨᠬᠦ᠋ᠮᠦᠨ᠃
ᠲᠦᠷᠪᠡᠨ ᠲᠡᠭᠦᠦ
ᠬᠠᠰᠠᠷ (1164 ~︖)
ᠦᠭᠡᠯᠦᠨ ᠡᠬᠡ ᠠᠴᠠ ᠲᠦᠷᠦᠭᠰᠡᠨ ᠴᠢᠩᠭᠢᠰᠬᠠᠭᠠᠨ ᠤ ᠶᠡᠭᠡ ᠲᠡᠭᠦᠦ᠃ ᠤᠤᠯ ᠨᠡᠷᠡᠨᠢ ᠵᠦᠴᠢ ᠭᠡᠳᠡᠭ᠂ ᠲᠤᠶᠢᠯ ᠤᠨᠡᠷᠡᠯᠬᠡᠭ ᠪᠠᠭᠠᠳᠤᠷ ᠪᠦᠭᠡᠳ ᠮᠡᠷᠭᠡᠨᠬᠠᠷᠪᠤᠭᠠᠴᠢ ᠪᠤᠯᠬᠤᠷ 《ᠬᠠᠰᠠᠷ》 ᠭᠡᠰᠡᠨ ᠭᠡᠨ᠎ᠡ᠃
ᠪᠡᠯᠭᠦᠳᠠᠢ
ᠴᠢᠩᠭᠢᠰ ᠬᠠᠭᠠᠨ ᠤ ᠨᠦᠭᠦᠭᠡ ᠡᠬᠡ ᠡᠴᠡᠲ᠋ᠦ᠋ᠷᠦᠭᠰᠡᠨ ᠲᠡᠭᠦᠦ᠃ ᠬᠦᠴᠦ ᠲᠡᠩᠭᠡᠭᠡ ᠶᠡᠬᠡᠲᠠᠢ᠃ ᠴᠢᠩᠭᠢᠰ ᠬᠠᠭᠠᠨ ᠳ᠋ᠤ᠋ᠰᠢᠳᠠᠷ ᠪᠠᠷᠠᠭ᠎ᠠ ᠪᠤᠯᠵᠦ ᠮᠤᠷᠢ ᠵᠢᠨᠢ ᠪᠠᠷᠢᠵᠦ ᠪᠠᠶᠢᠪᠠ᠃
ᠬᠠᠴᠢᠭᠤᠨ
ᠦᠭᠡᠯᠦᠨ ᠡᠬᠡ ᠶᠢᠨ ᠲᠦᠷᠦᠭᠰᠡᠨ ᠴᠢᠩᠭᠢᠰ ᠬᠠᠭᠠᠨ ᠤ ᠬᠤᠶᠠᠳᠤᠭᠠᠷ ᠲᠡᠭᠦᠦ᠃
ᠲᠡᠮᠦᠭᠡ ᠤᠳᠴᠢᠬᠢᠨ(1168 ~1246)
ᠴᠢᠩᠭᠢᠰ ᠬᠠᠭᠠᠨ ᠤ ᠪᠠᠭ᠎ᠠ ᠲᠡᠭᠦᠦ᠃
ᠲᠦᠷᠪᠡᠨ ᠬᠦᠪᠡᠭᠦᠨ
ᠵᠦᠴᠢ(︖ ~1227)
ᠴᠢᠩᠭᠢᠰ ᠬᠠᠭᠠᠨ ᠤ ᠠᠪᠠᠯᠢ ᠬᠠᠲᠤᠨ ᠪᠦᠷᠲᠡ ᠦᠵᠢᠨ ᠠᠴᠠ ᠲᠦᠷᠦᠭᠰᠡᠨ ᠠᠬᠠᠮᠠᠳ ᠬᠦᠪᠡᠭᠦᠨ᠃
ᠴᠠᠭᠠᠳᠠᠢ(︖ ~1241)
ᠴᠢᠩᠭᠢᠰ ᠬᠠᠭᠠᠨ ᠤ ᠠᠪᠠᠯᠢ ᠬᠠᠲᠤᠨ ᠪᠦᠷᠲᠡ ᠦᠵᠢᠨ ᠠᠴᠠ ᠲᠦᠷᠦᠭᠰᠡᠨ ᠬᠤᠶᠠᠳᠤᠭᠠᠷ ᠬᠦᠪᠡᠭᠦᠨ᠃
ᠦᠭᠡᠳᠠᠢ(1186 ~1241)
ᠶᠡᠭᠡᠮᠤᠩᠭᠤᠯ ᠤᠯᠤᠰ ᠤᠨ ᠬᠤᠶᠠᠳᠤᠭᠠᠷ ᠦᠶ᠎ᠡ ᠶᠢᠨ ᠶᠡᠭᠡ ᠬᠠᠭᠠᠨ (1229 ~ 1241) ᠤᠨ ᠳᠤ ᠰᠠᠭᠤᠷᠢᠨ ᠳᠤ ᠰᠠᠭᠤᠪᠠ)᠃ ᠴᠢᠩᠭᠢᠰ ᠬᠠᠭᠠᠨ ᠤ ᠡᠰᠢ ᠬᠠᠲᠤᠨ ᠪᠦᠷᠲᠡ ᠦᠵᠢᠨ ᠠᠴᠠ ᠲᠦᠷᠦᠭᠰᠡᠨ ᠭᠤᠳᠠᠭᠠᠷ ᠬᠦᠪᠡᠭᠦᠨ᠃
ᠲᠤᠯᠤᠢ (︖ ~ 1232)
ᠴᠢᠩᠭᠢᠰᠬᠠᠭᠠᠨ ᠤ ᠠᠪᠠᠯᠢ ᠬᠠᠲᠤᠨ ᠪᠦᠷᠲᠡᠦᠵᠢᠨ ᠠᠴᠠ ᠲᠦᠷᠦᠭᠰᠡᠨ ᠲᠦᠷᠪᠡᠳᠦᠭᠡᠷ ᠬᠦᠪᠡᠭᠦᠨ᠃
ᠲᠦᠷᠪᠡᠨ ᠬᠦᠯᠦᠭ
ᠪᠤᠭᠤᠷᠴᠤ
ᠴᠢᠩᠭᠢᠰ ᠬᠠᠭᠠᠨ ᠤ ᠦᠶ᠎ᠡ ᠳᠠᠬᠢ ᠮᠤᠩᠭᠤᠯ ᠤᠨ ᠪᠠᠷᠠᠭᠤᠨ ᠭᠠᠷᠤᠨ ᠴᠡᠷᠢᠭ ᠤᠨ ᠲᠦᠮᠡᠨ ᠤ ᠨᠤᠶᠠᠨ᠃ ᠠᠷᠤᠯᠠᠳ ᠤᠪᠤᠭᠳᠠᠨ᠃
ᠪᠤᠷᠤᠬᠤᠯ (︖ ~1217)
ᠶᠡᠭᠡ ᠮᠤᠩᠭᠤᠯ ᠤᠯᠤᠰ ᠤᠨ ᠮᠢᠩᠭᠠᠨ ᠤ ᠨᠤᠶᠠᠨ᠂ ᠬᠡᠰᠢᠭ ᠤᠨ ᠠᠬᠠᠯᠠᠭᠴᠢ᠃ ᠮᠤᠩᠭᠤᠯ ᠤᠨᠦᠬᠦᠰᠢᠨ ᠤᠪᠤᠭᠳᠠᠨ᠃
ᠮᠤᠬᠤᠯᠠᠢ(1170 ~ 1223)
ᠶᠡᠭᠡ ᠮᠤᠩᠭᠤᠯ ᠤᠯᠤᠰ ᠢ ᠲᠤᠯᠭᠤᠷ ᠪᠠᠶᠢᠭᠤᠯᠤᠭᠰᠠᠨ ᠭᠠᠪᠢᠶᠠᠳᠠᠨ ᠰᠠᠶᠢᠳ᠃ ᠵᠠᠯᠠᠶᠢᠷ ᠠᠶᠢᠮᠠᠭ ᠤᠨ ᠬᠦᠮᠦᠨ᠃
ᠴᠢᠯᠠᠭᠤᠨ
ᠶᠡᠭᠡ ᠮᠤᠩᠭᠤᠯ ᠤᠯᠤᠰ ᠤᠨ ᠮᠢᠩᠭᠠᠨ ᠤ ᠨᠤᠶᠠᠨ᠂ ᠬᠡᠰᠢᠭ ᠤᠨ ᠠᠬᠠᠯᠠᠭᠴᠢ᠃ ᠮᠤᠩᠭᠤᠯ ᠤᠨ ᠰᠤᠯᠳᠤᠰᠤᠨ ᠤᠪᠤᠭᠳᠠᠨ᠃
ᠲᠦᠷᠪᠡᠨ ᠨᠤᠬᠠᠢ
ᠵᠡᠪᠡ (︖ ~ ᠪᠠᠷᠤᠭ 1223)
ᠶᠡᠭᠡ ᠮᠤᠩᠭᠤᠯ ᠤᠯᠤᠰ ᠤᠨ ᠲᠤᠯᠭᠤᠷ ᠲᠦᠷᠤ ᠨᠡᠭᠡᠭᠡᠭᠰᠡᠨ ᠦᠷᠯᠦᠭ ᠵᠠᠩᠵᠦᠨ᠃ ᠤᠤᠯ ᠨᠡᠷ᠎ᠡ ᠨᠢ ᠵᠢᠷᠭᠤᠭᠠᠲᠠᠢ᠂ ᠮᠤᠩᠭᠤᠯ ᠤᠨ ᠪᠠᠰᠤᠳ ᠤᠪᠤᠭᠳᠠᠨ᠃
ᠵᠡᠯᠮ᠎ᠡ
ᠶᠡᠭᠡ ᠮᠤᠩᠭᠤᠯ ᠤᠯᠤᠰ ᠤᠨ ᠮᠢᠩᠭᠠᠨ ᠤ ᠨᠤᠶᠠᠨ᠃ ᠤᠷᠢᠶᠠᠩᠬᠠᠢ ᠤᠪᠤᠭᠳᠠᠨ᠃ ᠤᠷᠢᠶᠠᠩᠬᠠᠢ ᠠᠶᠢᠮᠠᠭ ᠠᠯᠢ ᠡᠷᠲᠡ ᠠᠴᠠ ᠮᠤᠩᠭᠤᠯ ᠠᠶᠢᠮᠠᠭ ᠢ ᠲᠠᠭᠠᠪᠠ᠃ ᠲᠠᠶᠢᠨ ᠪᠠᠶᠢᠯᠳᠤᠭᠠᠨ ᠳᠤ ᠡᠷᠡᠯᠬᠡᠭ ᠪᠠᠭᠠᠳᠤᠷ ᠲᠠᠶᠢᠴᠢᠨ ᠵᠤᠷᠢᠭᠲᠠᠢ ᠪᠤᠯᠬᠤᠷ 《 ᠵᠡᠯᠮ᠎ᠡ ᠦᠭᠡ (ᠪᠠᠭᠠᠳᠤᠷ ᠭᠡᠰᠡᠨᠤᠳᠬᠠ ᠲᠠᠢ)》 ᠬᠡᠮᠡᠨ ᠠᠯᠳᠠᠷᠰᠢᠪᠠ᠃
ᠰᠦᠪᠡᠭᠡᠲᠠᠢ (1176 ~1248)
ᠶᠡᠭᠡ ᠮᠤᠩᠭᠤᠯ ᠤᠯᠤᠰ ᠤᠨ ᠲᠤᠯᠭᠤᠷ ᠲᠦᠷᠤ ᠨᠡᠬᠡᠬᠡᠭᠰᠡᠨ ᠦᠷᠯᠦᠭ ᠵᠠᠩᠵᠦᠨ᠃ ᠤᠷᠢᠶᠠᠩᠬᠠᠢ ᠤᠪᠤᠭᠳᠠᠨ᠃
ᠬᠤᠪᠢᠯᠠᠢ
ᠶᠡᠭᠡ ᠮᠤᠩᠭᠤᠯ ᠤᠯᠤᠰ ᠤᠨ ᠮᠢᠩᠭᠠᠨ ᠤ ᠨᠤᠶᠠᠨ᠃ ᠪᠠᠷᠤᠯᠠᠰ ᠤᠪᠤᠭᠳᠠᠨ᠂ ᠪᠠᠭ᠎ᠠ ᠨᠠᠰᠤᠨ ᠠᠴᠠ ᠪᠠᠨ ᠲᠡᠮᠦᠵᠢᠨ ᠢ ᠲᠠᠭᠠᠷ᠎ᠠ ᠢᠷᠡᠭᠡᠳ ᠲᠡᠮᠦᠵᠢᠨ ᠤ ᠲᠡᠷᠭᠡᠳᠡ ᠢᠯᠳᠦᠴᠢ ᠪᠤᠯᠪᠠ᠃