ᠵᠤᠬᠢᠶᠠᠭᠴᠢ: 
							ᠴᠠᠭ:2020-12-01
							ᠥᠵᠡᠭᠰᠡᠨ :  ℃
                                                        ᠢᠷᠡᠯᠲᠡ: 
						
						
							ᠰᠢᠯᠤᠭᠤᠨ ᠬᠥᠪᠡᠭᠡᠲᠦ ᠴᠠᠭᠠᠨ ᠬᠣᠯᠪᠣᠭᠠᠲᠤ ᠬᠣᠰᠢᠭᠤ ᠶᠢ ᠰᠢᠯᠤᠭᠤᠨ ᠬᠥᠪᠡᠭᠡᠲᠦ ᠴᠠᠭᠠᠨ ᠬᠣᠰᠢᠭᠤ ᠭᠡᠵᠦ  ᠬᠠᠯᠠᠪᠠ						
						
												 1956   9    11  ᠡᠳᠦᠷ᠂ ᠲᠦᠷᠦ ᠶᠢᠨ ᠶᠠᠪᠤᠳᠠᠯ ᠤᠨ ᠬᠣᠷᠢᠶᠠᠨ ᠤ ᠭᠤᠴᠢᠨ ᠳᠣᠯᠣᠳᠤᠭᠠᠷ  ᠲᠣᠭᠲᠠᠭᠠᠭᠰᠠᠨ ᠨᠢ᠂ ᠰᠢᠯᠤᠭᠤᠨ ᠬᠥᠪᠡᠭᠡᠲᠦ ᠴᠠᠭᠠᠨ ᠬᠣᠯᠪᠣᠭᠠᠲᠤ ᠬᠣᠰᠢᠭᠤ ᠶᠢ ᠰᠢᠯᠤᠭᠤᠨ ᠬᠥᠪᠡᠭᠡᠲᠦ ᠴᠠᠭᠠᠨ ᠬᠣᠰᠢᠭᠤ ᠭᠡᠵᠦ  ᠬᠠᠯᠠᠵᠤ    ᠬᠤᠰᠢᠭᠤᠨ ᠤ  ᠵᠠᠰᠠᠭ ᠤᠨ ᠣᠷᠳᠣᠨ ᠪᠦᠷᠢᠳᠦ ᠶᠢᠨ ᠰᠦᠮᠡ ᠡᠴᠡ ᠴᠠᠭᠠᠨᠨᠠᠭᠤᠷ ᠲᠤ ᠨᠡᠭᠦᠵᠦ ᠃
 ᠰᠢᠯᠤᠭᠤᠨ ᠬᠥᠪᠡᠭᠡᠲᠦ ᠴᠠᠭᠠᠨ ᠬᠣᠰᠢᠭᠤ  ᠰᠢᠯᠢ ᠶᠢᠨ ᠭᠣᠣᠯ ᠠᠶᠢᠮᠠᠭ ᠤᠨ ᠪᠠᠷᠠᠭᠤᠨ ᠡᠮᠥᠨᠡᠲᠦ  ᠬᠡᠰᠡᠭ ᠲᠦ   ᠮᠠᠯᠵᠢᠬᠤ   ᠃ 2015 ᠣᠨ ᠰᠡᠭᠦᠯᠴᠢ ᠪᠣᠯᠲᠠᠯᠠ ᠂ ᠲᠤᠰ  ᠬᠤᠰᠢᠭᠤᠨ ᠳᠤ  3 ᠰᠤᠮᠤ ᠂ 2 ᠪᠠᠯᠭᠠᠰᠤ ᠂ 77 ᠭᠠᠴᠠᠭᠠ ᠲᠣᠰᠬᠣᠨ᠂ 7 ᠰᠠᠭᠤᠭᠠᠯᠢ ᠠᠷᠠᠳ ᠤᠨ ᠵᠥᠪᠯᠡᠯ ᠃ ᠡᠭᠦᠨ ᠳᠦ ᠮᠢᠩᠭᠠᠨᠲᠤ ᠪᠠᠯᠭᠠᠰᠤ ᠪᠣᠯ ᠬᠣᠰᠢᠭᠤᠨ ᠤ ᠵᠠᠰᠠᠭ ᠤᠨ ᠣᠷᠳᠣᠨ ᠤ ᠰᠠᠭᠤᠭᠠ ᠭᠠᠵᠠᠷ ᠪᠣᠯᠤᠨᠠ᠃ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠶᠡᠷᠦᠩᠬᠡᠶ ᠲᠠᠯᠠᠪᠠᠢ  6229 ᠲᠡᠭᠰᠢ ᠳᠥᠷᠪᠡᠯᠵᠢᠨ ᠺᠢᠯᠣᠮᠧᠲ᠋ᠷ ᠂ ᠶᠡᠷᠦᠩᠬᠡᠶ ᠬᠥᠮᠦᠨ ᠠᠮᠠ ᠨᠢ 7.3 ᠲᠦᠮᠡᠨ ᠬᠥᠮᠦᠨ ᠪᠠᠶᠢᠵᠤ ᠂ ᠡᠭᠦᠨ ᠳᠦ ᠂ ᠬᠣᠲᠠ ᠪᠠᠯᠭᠠᠰᠤᠨ ᠤ ᠬᠥᠮᠦᠨ ᠠᠮᠠ 2.6 ᠲᠦᠮᠡ᠂ ᠮᠠᠯᠵᠢᠬᠤ ᠲᠠᠷᠢᠶᠠᠯᠠᠬᠤ ᠣᠷᠣᠨ ᠤ ᠬᠥᠮᠦᠨ ᠠᠮᠠ 5.7 ᠲᠦᠮᠡ᠂ ᠬᠥᠮᠦᠨ ᠠᠮᠠ ᠶᠢᠨ ᠨᠢᠭᠲᠠᠴᠠ ᠨᠢ 11.3 ᠬᠥᠮᠦᠨ / ᠲᠡᠭᠰᠢ ᠳᠥᠷᠪᠡᠯᠵᠢᠨ ᠺᠢᠯᠣᠮᠧᠲ᠋ᠷ ᠪᠠᠶᠢᠵᠤ ᠂ ᠮᠣᠩᠭᠣᠯ ᠂ ᠬᠢᠲᠠᠳ ᠂ ᠬᠣᠲᠣᠩ ᠂ ᠮᠠᠨᠵᠤ ᠂ ᠳᠠᠭᠤᠷ ᠂ ᠣᠷᠴᠣᠨ ᠂ ᠡᠸᠡᠩᠬᠢ ᠂ ᠲᠥᠪᠡᠳ ᠵᠡᠷᠭᠡ ᠠᠷᠪᠠᠨ ᠬᠡᠳᠦᠨ ᠦᠨᠳᠦᠰᠦᠲᠡᠨ ᠲᠠᠢ ᠃
 ᠰᠢᠯᠤᠭᠤᠨ ᠬᠥᠪᠡᠭᠡᠲᠦ ᠴᠠᠭᠠᠨ ᠬᠣᠰᠢᠭᠤᠨ ᠳᠤ 3245 ᠲᠡᠭᠰᠢ ᠳᠥᠷᠪᠡᠯᠵᠢᠨ   ᠡᠯᠡᠰᠦᠷᠬᠡᠭ ᠭᠠᠵᠠᠷ ᠰᠡᠢᠷᠡᠭ ᠣᠢ ᠲᠠᠯᠠ ᠨᠤᠲᠤᠭ ᠪᠤᠢ᠃ ᠨᠡᠶᠢᠲᠡᠯᠢᠭ ᠨᠤᠲᠤᠭ ᠪᠡᠯᠴᠢᠭᠡᠷ 2984 ᠲᠡᠭᠰᠢ ᠳᠥᠷᠪᠡᠯᠵᠢᠨ ᠺᠢᠯᠣᠮᠧᠲ᠋ᠷ ᠪᠠᠶᠢᠵᠤ ᠂ 25 ᠲᠦᠮᠡᠨ ᠮᠥ ᠲᠠᠷᠢᠶᠠᠨ ᠭᠠᠵᠠᠷ ᠤᠨ ᠲᠠᠯᠠᠪᠠᠶ ᠲᠠᠶ ᠃ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠤᠰᠤᠨ ᠤ ᠡᠬᠢ ᠪᠠᠶᠠᠯᠢᠭ ᠤᠨ ᠶᠡᠷᠦᠩᠬᠡᠢ ᠬᠡᠮᠵᠢᠶᠡ 3 ᠳ᠋ᠦᠩᠰᠢᠭᠤᠷ ᠪᠣᠰᠣᠭᠠ ᠳᠥᠷᠪᠡᠯᠵᠢᠨ ᠮᠧᠲ᠋ᠷ ᠃ ᠡᠭᠦᠨ ᠳᠦ ᠂ ᠭᠠᠵᠠᠷ  ᠤᠨ ᠭᠠᠳᠠᠷᠭᠤ ᠶᠢᠨ ᠤᠰᠤᠨ ᠤ ᠡᠬᠢ ᠪᠠᠶᠠᠯᠢᠭ 19143 ᠲᠦᠮᠡᠨ ᠪᠣᠰᠣᠭᠠ ᠳᠥᠷᠪᠡᠯᠵᠢᠨ ᠮᠧᠲ᠋ᠷ ᠂ ᠭᠠᠵᠠᠷ ᠳᠣᠸᠷᠠᠬᠢ ᠤᠰᠤᠨ ᠤ ᠡᠬᠢ ᠪᠠᠶᠠᠯᠢᠭ 10942 ᠲᠦᠮᠡᠨ ᠪᠣᠰᠣᠭᠠ ᠳᠥᠷᠪᠡᠯᠵᠢᠨ ᠮᠧᠲ᠋ᠷ ᠪᠠᠶᠢᠵᠤ ᠂ ᠨᠡᠭᠡᠭᠡᠨ ᠮᠠᠯᠲᠠᠵᠤ ᠪᠣᠯᠬᠤ ᠬᠡᠮᠵᠢᠶᠡ ᠨᠢ 3771 ᠲᠦᠮᠡᠨ ᠪᠣᠰᠣᠭᠠ ᠳᠥᠷᠪᠡᠯᠵᠢᠨ ᠮᠧᠲ᠋ᠷ ᠪᠣᠯᠤᠨᠠ ᠃ ᠰᠢᠯᠤᠭᠤᠨ ᠬᠥᠪᠡᠭᠡᠲᠦ ᠴᠠᠭᠠᠨ ᠬᠣᠰᠢᠭᠤᠨ ᠳᠤ 83 ᠦᠷᠡᠲᠦ ᠤᠷᠭᠤᠮᠠᠯ ᠂ 318 ᠲᠥᠷᠥᠯ ᠂ 729 ᠲᠥᠷᠥᠯ ᠪᠣᠶ ᠃ ᠡᠭᠦᠨ  ᠳᠦ ᠂  ᠬᠡᠭᠡᠷᠡ ᠶᠢᠨ  ᠬᠣᠪᠣᠷ ᠨᠠᠨᠳᠢᠨ ᠡᠮ ᠦᠨ ᠮᠠᠲ᠋ᠧᠷᠢᠶᠠᠯ ᠳᠤ ᠬᠤᠨᠴᠢᠷ ᠂ ᠲᠠᠤᠯᠠᠢ ᠶᠢᠨ ᠮᠠᠩᠭᠢᠷ ᠂ ᠰᠢᠬᠢᠷ ᠡᠪᠡᠰᠦ ᠂ ᠂ ᠵᠡᠭᠡᠷᠭᠡᠨᠡ ᠂  ᠵᠡᠰ   ᠂   ᠂  ᠬᠣᠩᠬᠤ ᠴᠡᠴᠡᠭ  ᠵᠡᠷᠭᠡ 100 ᠭᠠᠷᠤᠶ ᠵᠦᠢᠯ ᠪᠤᠶ  ᠬᠡᠭᠡᠷᠡ ᠶᠢᠨ ᠠᠮᠢᠲᠠᠨ 200 ᠭᠠᠷᠤᠶ ᠵᠦᠢᠯ ᠪᠤᠶ ᠃ ᠡᠭᠦᠨ ᠳᠦ ᠬᠥᠬᠥᠲᠡᠨ ᠠᠮᠢᠲᠠᠨ ᠳᠤ ᠭᠥᠷᠥᠭᠡᠰᠦ ᠂ ᠵᠡᠭᠡᠷᠡ ᠂ ᠬᠡᠭᠡᠷᠡ ᠶᠢᠨ ᠲᠠᠤᠯᠠᠢ ᠂ ᠦᠨᠡᠭᠡ ᠵᠡᠷᠭᠡ 50 ᠭᠠᠷᠤᠶ ᠵᠦᠢᠯ ᠪᠤᠶ  ᠰᠢᠪᠠᠭᠤᠨ ᠤ ᠲᠥᠷᠥᠯ ᠳᠦ  ᠬᠡᠭᠡᠷᠡ ᠶᠢᠨ   ᠂   ᠂ ᠪᠣᠷᠣ ᠲᠣᠭᠣᠷᠤᠸ ᠂ ᠲᠠᠯᠠ ᠨᠤᠲᠤᠭ ᠤᠨ ᠪᠦᠷᠭᠦᠳ ᠂ ᠬᠤᠨ ᠭᠠᠯᠠᠭᠤ ᠂   ᠵᠡᠷᠭᠡ 150 ᠭᠠᠷᠤᠶ ᠲᠥᠷᠥᠯ ᠪᠣᠶ ᠃ ᠰᠢᠪᠠᠵᠢ 4000 ᠭᠠᠷᠤᠶ ᠵᠦᠢᠯ ᠪᠤᠶ ᠃  ᠬᠤᠰᠢᠭᠤᠨ ᠤ ᠬᠡᠪᠴᠢᠶᠡᠨ ᠳᠣᠲᠣᠷᠠᠬᠢ ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ ᠲᠤ  ᠰᠢᠲᠠᠮᠠᠬᠠᠢ  ᠬᠡᠢ ᠂ ᠨᠡᠭᠦᠷᠡᠰᠦ ᠂ ᠲᠡᠮᠦᠷ ᠂ ᠮᠥᠩᠭᠥ ᠂ ᠬᠠᠷᠠ ᠲᠤᠭᠤᠯᠭᠠ ᠂ ᠴᠠᠶᠢᠷ ᠂ ᠲᠢᠲ᠋ᠠᠨ  ᠂ ᠪᠣᠷᠵᠢᠨ ᠴᠢᠯᠠᠭᠤᠯᠢᠭ ᠂ ᠴᠣᠬᠣᠢ ᠶᠢᠨ ᠴᠢᠯᠠᠭᠤᠯᠢᠭ ᠂ ᠬᠠᠶᠢᠯᠤᠭᠤᠷ ᠴᠢᠯᠠᠭᠤ ᠂    ᠂ ᠭᠢᠯᠲᠠᠭᠠᠨᠠᠭᠤᠷ ᠵᠡᠷᠭᠡ 40 ᠭᠠᠷᠤᠶ ᠵᠦᠢᠯ ᠪᠤᠶ ᠃