ᠵᠤᠬᠢᠶᠠᠭᠴᠢ: 
							ᠴᠠᠭ:2020-11-13
							ᠥᠵᠡᠭᠰᠡᠨ :  ℃
                                                        ᠢᠷᠡᠯᠲᠡ: 
						
						
							    						
						
												 ᠠᠯᠠᠱᠠ ᠠᠶᠢᠮᠠᠭ ᠪᠣᠯ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠪᠠᠷᠠᠭᠤᠨ ᠬᠡᠰᠡᠭ ᠲᠦ᠂  ᠭᠠᠵᠠᠷ ᠵᠦᠶ ᠶᠢᠨ ᠪᠠᠶᠢᠷᠢᠰᠢᠯ  ᠢᠶᠡᠷ ᠢᠶᠡᠨ ᠤᠮᠠᠷᠠᠲᠤ ᠥᠷᠭᠡᠷᠢᠭ ᠦᠨ 37°24′~ 42°47′ᠪᠠ ᠵᠡᠭᠦᠨ ᠤᠷᠲᠤᠷᠢᠭ ᠤᠨ 97°10′~106°53′ ᠪᠠᠶᠢᠵᠤ ᠂  ᠬᠡᠪᠴᠢᠶᠡ ᠬᠢᠵᠠᠭᠠᠷ ᠨᠢ ᠵᠡᠭᠥᠨ ᠡᠴᠡ ᠪᠠᠷᠠᠭᠤᠨᠰᠢ ᠪᠡᠨ 831 ᠺᠢᠯᠣᠮᠧᠲ᠋ᠷ ᠣᠷᠳᠣ᠂ ᠡᠮᠥᠨᠡ ᠡᠴᠡ   ᠪᠡᠨ ᠥᠷᠭᠡᠨ ᠨᠢ 598 ᠺᠢᠯᠣᠮᠧᠲ᠋ᠷ ᠂ ᠶᠡᠷᠦᠩᠬᠡᠶ ᠲᠠᠯᠠᠪᠠᠶ ᠨᠢ ᠪᠠᠷᠤᠭ 27 ᠲᠦᠮᠡᠨ ᠲᠡᠭᠰᠢ ᠳᠥᠷᠪᠡᠯᠵᠢᠨ ᠺᠢᠯᠣᠮᠧᠲ᠋ᠷ ᠪᠠᠶᠢᠵᠤ ᠂ ᠪᠥᠬᠥ ᠣᠷᠣᠨ ᠤ ᠶᠡᠷᠦᠩᠬᠡᠶ ᠲᠠᠯᠠᠪᠠᠶ ᠶᠢᠨ 22.8%  ᠡᠵᠡᠯᠡᠵᠦ ᠪᠠᠢᠳᠠᠭ ᠃ ᠪᠦᠬᠦ ᠬᠥᠮᠦᠨ ᠠᠮᠠ  24.8 ᠂ ᠮᠣᠩᠭᠣᠯ᠂ ᠬᠢᠲᠠᠳ᠂ ᠬᠣᠲᠣᠩ᠂ ᠲᠥᠪᠡᠳ ᠵᠡᠷᠭᠡ 28 ᠦᠨᠳᠦᠰᠦᠲᠡᠨ    ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠨᠤᠲᠤᠭ ᠳᠡᠪᠢᠰᠬᠡᠷ ᠢᠶᠠᠷ ᠬᠠᠮᠤᠭ ᠤᠨ ᠶᠡᠬᠡ᠂ ᠬᠥᠮᠦᠨ ᠠᠮᠠ ᠬᠠᠮᠤᠭ ᠤᠨ ᠴᠥᠭᠡᠨ ᠠᠶᠢᠮᠠᠭ ᠬᠣᠲᠠ ᠪᠣᠯᠤᠨᠠ᠃ ᠠᠯᠠᠱᠠ ᠵᠡᠭᠦᠨ ᠬᠣᠰᠢᠭᠤ ᠂ ᠠᠯᠠᠱᠠ ᠪᠠᠷᠠᠭᠤᠨ ᠬᠣᠰᠢᠭᠤ ᠂ ᠡᠵᠡᠨᠡ ᠬᠣᠰᠢᠭᠤ ᠭᠡᠬᠦ 3 ᠬᠣᠰᠢᠭᠤ ᠪᠠ ᠠᠯᠠᠱᠠ ᠶᠢᠨ ᠠᠵᠤ ᠠᠬᠤᠶ ᠶᠢᠨ ᠨᠡᠭᠡᠭᠡᠯᠲᠡ ᠶᠢᠨ ᠲᠣᠭᠣᠷᠢᠭ ᠂ ᠲᠩᠷᠢ ᠠᠵᠤ ᠠᠬᠤᠶ ᠮᠡᠷᠭᠡᠵᠢᠯ ᠦᠨ ᠨᠡᠭᠡᠭᠡᠯᠲᠡ ᠶᠢᠨ ᠲᠣᠭᠣᠷᠢᠭ ᠂  ᠤᠯᠠᠭᠠᠨᠪᠤᠬᠠ  ᠠᠮᠢ ᠠᠬᠤᠶ ᠶᠢᠨ ᠡᠯᠡᠰᠦᠨ ᠦ ᠠᠵᠤ ᠦᠶᠯᠡᠰ ᠦᠨ ᠵᠢᠱᠢᠶᠡ ᠦᠵᠡᠭᠦᠯᠬᠦ ᠲᠣᠭᠣᠷᠢᠭ ᠂ ᠴᠡᠭᠡ ᠪᠣᠭᠣᠮᠲᠠ ᠶᠢᠨ ᠠᠵᠤ ᠠᠬᠤᠶ ᠶᠢᠨ ᠨᠡᠭᠡᠭᠡᠯᠲᠡ ᠶᠢᠨ ᠲᠣᠭᠣᠷᠢᠭ ᠵᠡᠷᠭᠡ 4 ᠮᠤᠵᠢ ᠶᠢᠨ ᠱᠠᠲᠤᠨ ᠤ ᠨᠡᠭᠡᠭᠡᠯᠲᠡ ᠶᠢᠨ ᠲᠣᠭᠣᠷᠢᠭ ᠬᠠᠷᠢᠶᠠᠯᠠᠵᠤ ᠂ ᠨᠡᠶᠢᠲᠡ 30 ᠰᠤᠮᠤ ᠪᠠᠯᠭᠠᠰᠤ᠂ 198 ᠭᠠᠴᠠᠭᠠ ᠲᠣᠰᠬᠣᠨ᠂ 4 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠠ 52 ᠨᠡᠶᠢᠭᠡᠮ ᠲᠣᠭᠣᠷᠢᠭ ᠲᠠᠶ᠃ ᠠᠶᠢᠮᠠᠭ ᠤᠨ  ᠵᠠᠬᠢᠷᠭᠠ ᠶᠢᠨ ᠪᠠᠶᠢᠭᠠ ᠪᠠᠶᠠᠨᠬᠣᠲᠠ ᠪᠠᠯᠭᠠᠰᠤ ᠪᠣᠯ ᠪᠦᠬᠦ ᠠᠶᠢᠮᠠᠭ ᠤᠨ ᠤᠯᠤᠰ ᠲᠦᠷᠦ᠂ ᠠᠵᠤ ᠠᠬᠤᠢ᠂ ᠰᠣᠶᠣᠯ ᠤᠨ ᠲᠥᠪ ᠪᠣᠯᠤᠨᠠ᠃