ᠵᠤᠬᠢᠶᠠᠭᠴᠢ:
ᠴᠠᠭ:2020-11-05
ᠥᠵᠡᠭᠰᠡᠨ : ℃
ᠢᠷᠡᠯᠲᠡ:
ᠰᠦᠢᠶᠤᠸᠠᠨ ᠮᠤᠵᠢ ᠶᠢᠨ ᠬᠤᠳᠠᠯᠳᠤᠭᠠᠨ ᠤ ᠬᠢᠨ ᠦ ᠠᠩᠬᠠᠳᠤᠭᠠᠷ ᠬᠤᠭᠤᠴᠠᠭᠠᠨ ᠤ ᠲᠥᠯᠥᠭᠡᠯᠡᠭᠴᠢᠳ ᠦᠨ ᠶᠡᠬᠡ ᠬᠤᠷᠠᠯ ᠬᠤᠷᠠᠯᠳᠤᠪᠠ
1953 11 5 ᠡᠳᠦᠷ᠂ ᠰᠦᠢᠶᠤᠸᠠᠨ ᠮᠤᠵᠢ ᠶᠢᠨ ᠦᠢᠯᠡᠳᠪᠦᠷᠢ ᠬᠤᠳᠠᠯᠳᠤᠭᠠᠨ ᠤ ᠬᠢᠨ ᠦ ᠠᠩᠬᠠᠳᠤᠭᠠᠷ ᠬᠤᠭᠤᠴᠠᠭᠠᠨ ᠤ ᠲᠥᠯᠥᠭᠡᠯᠡᠭᠴᠢᠳ ᠦᠨ ᠶᠡᠬᠡ ᠬᠤᠷᠠᠯ ᠡᠬᠢᠯᠡᠪᠡ᠃ ᠶᠡᠬᠡ ᠬᠤᠷᠠᠯ 7 ᠡᠳᠦᠷ ᠶᠠᠪᠤᠭᠳᠠᠵᠤ ᠂ 197 ᠲᠥᠯᠥᠭᠡᠯᠡᠭᠴᠢ ᠡᠭᠦᠨ ᠳᠦ ᠳᠤᠮᠳᠠᠳᠤ ᠤᠯᠤᠰ ᠲᠥᠯᠥᠭᠡᠯᠡᠭᠴᠢ 21 ᠬᠥᠮᠦᠨ᠂ ᠬᠣᠷᠰᠢᠶᠠᠨ ᠤ ᠲᠥᠯᠥᠭᠡᠯᠡᠭᠴᠢ 8 ᠬᠥᠮᠦᠨ ᠪᠤᠢ ᠂ 37 ᠭᠡᠰᠢᠭᠦᠨ ᠡᠭᠦᠨ ᠳᠦ ᠪᠠᠶᠢᠩᠭᠤ ᠶᠢᠨ ᠭᠡᠰᠢᠭᠦᠨ 19 ᠬᠥᠮᠦᠨ ᠰᠣᠩᠭᠣᠨ ᠭᠠᠷᠭᠠᠵᠠᠶ᠃ ᠴᠢᠨ ᠰᠢ ᠱᠣ᠋ ᠡᠷᠬᠢᠯᠡᠭᠴᠢ ᠭᠡᠰᠢᠭᠦᠨ ᠢᠶᠡᠷ ᠰᠣᠩᠭᠣᠭᠳᠠᠵᠤ ᠂ ᠯᠦ ᠵᠢᠢ ᠱᠠᠨ᠂ ᠵᠧᠩ ᠶᠦᠨ ᠮᠢᠩ᠂ ᠰᠦᠩ ᠫᠢ ᠰᠢᠶᠠᠨ᠂ ᠯᠢᠦ ᠱᠣ᠋ ᠶᠢᠩ᠂ ᠵᠦ ᠱᠢ ᠵᠢᠶᠦ᠋ᠨ ᠳᠡᠳ᠋ ᠡᠷᠬᠢᠯᠡᠭᠴᠢ ᠭᠡᠰᠢᠭᠦᠨ ᠢᠶᠡᠷ ᠰᠣᠩᠭᠣᠭᠳᠠᠵᠤ᠂ ᠵᠧᠩ ᠶᠦᠨ ᠨᠠᠷᠢᠨ ᠪᠢᠴᠢᠭ ᠦᠨ ᠳᠠᠷᠤᠭ᠎ᠠ ᠂ ᠯᠢ ᠱᠢ ᠮᠢᠩ ᠳᠡᠳ᠋ ᠨᠠᠷᠢᠨ ᠪᠢᠴᠢᠭ ᠦᠨ ᠳᠠᠷᠤᠭ᠎ᠠ ᠰᠦᠢᠶᠤᠸᠠᠨ ᠮᠤᠵᠢ ᠶᠢᠨ ᠦᠢᠯᠡᠳᠪᠦᠷᠢ ᠬᠤᠳᠠᠯᠳᠤᠭᠠᠨ ᠤ ᠬᠣᠯᠪᠣᠭᠠᠲᠤ ᠬᠤᠷᠠᠯ ᠢ ᠵᠢᠩᠬᠢᠨᠢ ᠪᠡᠷ ᠪᠠᠶᠢᠭᠤᠯᠪᠠ᠃