ᠵᠤᠬᠢᠶᠠᠭᠴᠢ:
ᠴᠠᠭ:2020-07-31
ᠥᠵᠡᠭᠰᠡᠨ : ℃
ᠢᠷᠡᠯᠲᠡ:
ᠰᠥᠷᠥᠭ ᠰᠠᠯᠭᠠᠬᠤ ᠶᠤᠰᠤ
ᠰᠥᠷᠥᠭ ᠰᠠᠯᠭᠠᠬᠤ ᠪᠤᠯ ᠮᠠᠯ ᠤᠨ ᠲᠠᠷᠭᠤ ᠭᠥᠴᠤ ᠶᠢ ᠬᠠᠮᠠᠭᠠᠯᠠᠬᠤ᠂ ᠡᠭᠦᠯᠳᠡᠷ ᠤᠭᠰᠠᠭ᠎ᠠ ᠶᠢ ᠰᠠᠶᠢᠵᠢᠷᠠᠭᠤᠯᠬᠤ ᠵᠤᠷᠢᠯᠳᠠ ᠲᠠᠢ ᠶᠠᠪᠤᠭᠳᠠᠳᠠᠭ ᠮᠠᠯ ᠠᠵᠤ ᠠᠬᠤᠢ ᠶᠢᠨ ᠠᠷᠠᠴᠢᠯᠠᠭ᠎ᠠ ᠶᠢᠨ ᠨᠢᠭᠡ ᠵᠥᠢᠯ ᠤᠨ ᠠᠷᠭ᠎ᠠ ᠭᠡᠮᠵᠢᠶ᠎ᠠ ᠪᠤᠯᠤᠨ᠎ᠠ᠃
ᠠᠳᠤᠭᠤ ᠶᠢ ᠭᠤᠤᠯᠳᠠᠭᠤ ᠭᠡᠭᠦᠥ᠂ ᠠᠭᠳᠠ ᠪᠠᠷ ᠢᠯᠭᠠᠨ ᠰᠥᠷᠥᠭᠯᠡᠳᠡᠭ ᠨᠢ ᠡᠷᠳᠡᠪᠳᠥᠷ ᠥᠶ᠎ᠠ ᠶᠢᠨ ᠵᠠᠩᠰᠢᠯ ᠪᠤᠯᠤᠯᠳᠠᠢ᠃ ᠬᠠᠪᠤᠷ ᠤᠨ ᠤᠯᠠᠷᠢᠯ ᠳᠤ ᠠᠳᠤᠭᠤᠨ ᠲᠡᠯᠯᠡᠭᠡ ᠪᠠᠷ ᠲᠠᠭ᠎ᠠ ᠢᠯᠭᠠᠵᠤ ᠲᠤᠰᠬᠠᠢ ᠰᠥᠷᠥᠭ ᠪᠤᠯᠭᠠᠬᠤ ᠴᠤ ᠪᠤᠢ᠃ ᠢᠯᠠᠩᠭᠤᠶ᠎ᠠ ᠡᠭᠦᠯᠳᠡᠷ ᠰᠠᠶᠢᠵᠢᠷᠠᠭᠤᠯᠬᠤ ᠵᠤᠷᠢᠯᠭ᠎ᠠ ᠪᠠᠷ ᠭᠡᠭᠡᠯᠳᠥᠭᠦᠯᠭᠡ ᠭᠢᠭᠦ ᠪᠤᠯᠤᠭᠰᠡᠨ ᠭᠢᠵᠠᠯᠠᠩ᠂ ᠰᠤᠶᠤᠯᠡᠩ ᠨᠠᠰᠤᠨ ᠤ ᠪᠠᠶᠢᠳᠠᠰᠤ ᠶᠢ ᠢᠯᠭᠠᠵᠤ 300~400 ᠪᠠᠷ ᠨᠢᠭᠡ ᠰᠥᠷᠥᠭ ᠪᠤᠯᠭᠠᠨ ᠮᠠᠯᠵᠢᠬᠤ ᠪᠤᠯᠤᠭᠰᠠᠨ ᠨᠢ ᠥᠢᠷ᠎ᠠ ᠥᠶ᠎ᠠ ᠶᠢᠨ ᠤᠴᠢᠷ ᠪᠤᠯᠵᠠᠢ᠃
ᠨᠠᠮᠤᠷ ᠤᠨ ᠰᠡᠭᠦᠯᠴᠢ ᠪᠠᠷ ᠲᠤᠭᠤᠯ ᠢᠯᠭᠠᠵᠤ᠂ ᠡᠷ᠎ᠠ᠂ ᠥᠭᠢᠨ ᠢᠶᠠᠷ ᠨᠢ ᠲᠤᠰ ᠲᠤᠰ ᠰᠥᠷᠥᠭᠯᠡᠨ ᠬᠠᠷᠢᠭᠤᠯᠳᠠᠭ᠃ ᠮᠥᠨ ᠥᠨᠢᠶ᠎ᠠ ᠶᠢ ᠠᠰ ᠲᠤ ᠨᠢ ᠰᠥᠷᠥᠭᠯᠡᠬᠦᠯᠵᠥ᠂ ᠰᠢᠳᠥᠯᠡᠩ ᠲᠡᠭᠡᠭᠰᠢ ᠨᠠᠰᠤᠨ ᠤ ᠡᠷ᠎ᠠ ᠭᠥᠢᠰᠥᠨ ᠤ ᠮᠠᠯ ᠢ ᠲᠤᠰᠬᠠᠢ ᠰᠥᠷᠥᠭ ᠪᠤᠯᠭᠠᠨ ᠬᠠᠷᠢᠭᠤᠯᠳᠠᠭ᠃ ᠮᠠᠯ ᠰᠥᠷᠥᠭ ᠤᠨ ᠲᠤᠭ᠎ᠠ ᠲᠤᠯᠤᠭᠠᠢ ᠨᠠᠮᠡᠭᠳᠡᠭᠰᠡᠨ ᠪᠠ ᠲᠥᠯ ᠤᠨ ᠬᠤᠭᠤᠴᠠᠭ᠎ᠠ ᠶᠢ ᠲᠤᠭᠳᠠᠮᠠᠯ ᠪᠤᠯᠭᠠᠬᠤ ᠰᠢᠯᠳᠠᠭᠠᠯᠠᠭᠳᠠᠵᠤ᠂ ᠪᠤᠬ᠎ᠠ ᠶᠢ ᠴᠤ ᠲᠤᠰᠬᠠᠢ ᠰᠥᠷᠥᠭ ᠢᠶᠠᠷ ᠮᠠᠯᠵᠢᠳᠠᠭ ᠪᠤᠯᠤᠭᠰᠠᠨ ᠶᠤᠮ᠃ ᠡᠪᠠᠰᠤ ᠪᠡᠯᠴᠢᠭᠡᠷ ᠤᠨ ᠠᠰᠢᠭᠯᠠᠯᠳᠠ᠂ ᠤᠰᠤᠯᠠᠬᠤ ᠠᠵᠢᠯ ᠪᠤᠯᠤᠨ ᠭᠡᠪᠳᠠᠷᠢ ᠶᠢᠨ ᠠᠷᠠᠴᠢᠯᠠᠭ᠎ᠠ ᠵᠠᠷᠭᠡ ᠶᠢ ᠪᠤᠳᠤᠯᠭᠢᠯᠠᠭᠰᠠᠨ ᠤᠷᠢᠳᠠᠯ ᠢᠶᠠᠷ ᠥᠭᠡᠷ ᠤᠨ ᠰᠥᠷᠥᠭ ᠢ ᠶᠠᠷᠥᠩᠭᠡᠢ ᠳᠤ ᠨᠢ 100~120 ᠶᠢᠨ ᠲᠥᠯᠥᠪ ᠲᠠᠢ ᠨᠢᠭᠡ ᠰᠥᠷᠥᠭ ᠪᠤᠯᠭᠠᠳᠠᠭ᠃
ᠨᠠᠮᠤᠷ ᠤᠨ ᠲᠤᠮᠳᠠᠴᠢ ᠪᠠᠷ ᠬᠤᠷᠠᠭ᠎ᠠ᠂ ᠢᠰᠢᠭᠡ ᠶᠢ ᠡᠭᠡ ᠨᠢ ᠰᠠᠯᠭᠠᠵᠤ ᠡᠷ᠎ᠠ᠂ ᠥᠭᠢᠨ ᠢᠶᠠᠷ ᠢᠯᠭᠠᠨ ᠰᠥᠷᠥᠭᠯᠡᠬᠦᠯᠳᠡᠭ᠃ ᠡᠨᠡ ᠨᠢ ᠡᠭᠡ ᠮᠠᠯ ᠤᠨ ᠲᠠᠷᠭᠤ ᠭᠥᠴᠤ ᠶᠢ ᠬᠠᠮᠠᠭᠠᠯᠠᠬᠤ᠂ ᠭᠡᠭᠡᠯᠳᠥᠭᠦᠯᠭᠦ ᠠᠵᠢᠯ ᠤᠨ ᠭᠡᠷᠡᠭᠴᠡᠭᠡ ᠪᠤᠯᠤᠭᠰᠠᠨ ᠶᠠᠪᠤᠳᠠᠯ ᠶᠤᠮ᠃ ᠬᠤᠨᠢ ᠶᠢ ᠶᠠᠷᠤ ᠨᠢ ᠨᠠᠰᠥ᠂ ᠭᠥᠢᠰᠥ ᠪᠠᠷ ᠨᠢ ᠢᠯᠭᠠᠵᠤ ᠲᠤᠰᠬᠠᠢ ᠲᠤᠰᠬᠠᠢ ᠰᠥᠷᠥᠭ ᠢᠶᠠᠷ ᠮᠠᠯᠵᠢᠳᠠᠭ ᠵᠠᠩᠰᠢᠯ ᠲᠠᠢ᠃ ᠢᠡᠭᠭᠢᠵᠤ ᠢᠯᠭᠠᠨ ᠰᠥᠷᠥᠭᠯᠡᠭᠦ ᠳᠤ ᠬᠤᠨᠢᠨ ᠰᠥᠷᠥᠭ ᠤᠨ ᠪᠥᠳᠥᠴᠠ ᠶᠠᠷᠥᠩᠭᠡᠢ ᠳᠤ ᠪᠠᠨ ᠡᠷ᠎ᠠ ᠬᠤᠷᠠᠭ᠎ᠠ᠂ ᠥᠭᠢᠨ ᠬᠤᠷᠠᠭ᠎ᠠ ᠶᠢᠨ ᠰᠥᠷᠥᠭ ᠪᠤᠯᠤᠨ ᠲᠥᠯ ᠤᠨ ᠬᠤᠨᠢ᠂ ᠡᠷ᠎ᠠ ᠬᠤᠨᠢᠨ ᠰᠥᠷᠥᠭ᠂ ᠬᠤᠴᠠ᠂ ᠤᠬᠤᠨ᠎ᠠ ᠶᠢᠨ ᠰᠥᠷᠥᠭ ᠭᠡᠭᠦ ᠮᠠᠳᠥ ᠪᠤᠯᠳᠠᠭ ᠪᠠᠶᠢᠨ᠎ᠠ᠃ ᠪᠡᠯᠴᠢᠭᠡᠷ ᠤᠨ ᠠᠰᠢᠭᠯᠠᠯᠳᠠ᠂ ᠬᠤᠷᠤᠭ᠎ᠠ ᠬᠠᠰᠢᠶ᠎ᠠ᠂ ᠮᠠᠯ ᠤᠨ ᠲᠠᠷᠭᠤ ᠭᠥᠴᠤ ᠠᠪᠬᠠᠭᠤᠯᠬᠤ ᠵᠡᠷᠭᠡ ᠶᠢ ᠬᠠᠷᠠᠭᠠᠯᠵᠠᠵᠤ᠂ ᠬᠤᠨᠢᠨ ᠰᠥᠷᠥᠭ ᠤᠨ ᠲᠤᠭ᠎ᠠ ᠨᠤᠷᠮ᠎ᠠ ᠶᠢ ᠡᠩ ᠤᠨ ᠪᠠᠶᠢᠳᠠᠯ ᠳᠤ 500 ᠪᠠᠷ ᠭᠢᠵᠠᠭᠠᠷᠯᠠᠳᠠᠭ᠃
ᠰᠥᠷᠥᠭ ᠰᠠᠯᠭᠠᠬᠤ ᠪᠤᠯ ᠮᠠᠯ ᠤᠨ ᠥᠰᠥᠯᠳᠠ ᠪᠤᠶᠢᠵᠢᠯᠳᠠ᠂ ᠥᠷᠠᠵᠢᠯ ᠲᠥᠯᠵᠢᠯ ᠤᠨ ᠥᠪᠠᠷᠮᠢᠴᠠ ᠤᠨᠴᠠᠯᠢᠭ ᠢ ᠥᠨᠳᠥᠰᠥᠯᠠᠨ᠂ ᠮᠠᠯ ᠰᠥᠷᠥᠭ᠂ ᠡᠪᠠᠰᠤ ᠪᠡᠯᠴᠢᠭᠡᠷ᠂ ᠠᠷᠠᠴᠢᠯᠠᠭ᠎ᠠ ᠮᠠᠯᠯᠠᠭ᠎ᠠ ᠶᠢᠨ ᠬᠠᠷᠢᠴᠠᠭ᠎ᠠ ᠬᠤᠯᠪᠤᠭᠠᠠ ᠤ ᠡᠭᠦᠳᠠᠨ ᠪᠤᠳᠤᠯᠭᠢᠯᠠᠭᠰᠠᠨ ᠮᠠᠯ ᠮᠠᠯᠵᠢᠯ ᠤᠨ ᠲᠤᠷᠰᠢᠯᠭ᠎ᠠ ᠶᠢᠨ ᠳ᠋ᠥᠡᠭᠨᠠᠯᠳᠠ ᠪᠤᠯᠬᠤ ᠪᠥᠭᠡᠳ ᠰᠢᠨᠵᠢᠯᠡᠭᠦ ᠤᠬᠠᠭᠠᠨᠴᠢ ᠠᠷᠭ᠎ᠠ ᠭᠡᠮᠵᠢᠶ᠎ᠠ ᠪᠤᠯᠤᠨ᠎ᠠ᠃