ᠵᠤᠬᠢᠶᠠᠭᠴᠢ:
ᠴᠠᠭ:2020-06-06
ᠥᠵᠡᠭᠰᠡᠨ : ℃
ᠢᠷᠡᠯᠲᠡ:
ᠨᠠᠷᠠ ᠥᠭᠭᠦ ᠶᠤᠰᠤ
ᠭᠡᠤᠭᠡᠳ ᠲᠤ ᠨᠠᠷᠠ ᠥᠭᠭᠦ ᠳᠤ ᠭᠠᠵᠠᠷ ᠭᠠᠵᠠᠷ ᠠᠳᠠᠯᠢ ᠥᠭᠡᠢ᠃ ᠤᠯᠠᠩᠭᠢ ᠭᠠᠵᠠᠷ ᠰᠠᠷ᠎ᠠ ᠲᠥᠭᠦᠷᠭᠡᠭᠦ ᠶᠤᠰᠤᠯᠠᠯ ᠲᠡᠭᠡᠷ᠎ᠠ ᠭᠥᠢᠴᠡᠳᠭᠡᠳᠡᠭ ᠪᠠᠶᠢᠬᠤ ᠳᠤ᠂ ᠰᠥᠨᠢᠳ᠂ ᠥᠢᠷᠠᠳ᠂ ᠬᠠᠯᠬ᠎ᠠ ᠳᠤ ᠭᠡᠥᠭᠡᠳ ᠤᠨ ᠤᠭᠢᠶᠠᠯᠭ᠎ᠠ ᠶᠢᠨ ᠥᠶ᠎ᠠ ᠳᠤ ᠨᠠᠷᠠ ᠥᠭᠳᠡᠭ᠃ ᠭᠡᠤᠭᠡᠳ ᠤᠨ ᠨᠠᠷᠠ ᠶᠢ ᠶᠠᠷᠥᠩᠭᠡᠢ ᠳᠤ ᠪᠠᠨ ᠡᠪᠦᠭᠡ᠂ ᠡᠮᠡᠭᠡ᠂ ᠠᠬᠠᠮᠠᠳ ᠨᠠᠰᠤᠳᠠᠨ᠂ ᠡᠴᠢᠭᠡ᠂ ᠡᠭᠡ᠂ ᠨᠠᠭᠠᠴᠤ ᠨᠠᠷ ᠨᠢ ᠥᠭᠳᠡᠭ᠃ ᠢᠢᠮᠥ ᠠᠴᠠ ᠮᠤᠩᠭᠤᠯᠴᠤᠳ 《ᠲᠠᠭᠤᠳᠠᠬᠤ ᠨᠠᠷᠠ ᠶᠢ ᠡᠴᠢᠭᠡ ᠡᠭᠡ ᠥᠭᠴᠤ᠂ ᠲᠠᠭᠤᠷᠢᠰᠬᠤ ᠠᠯᠳᠠᠷ ᠢ ᠥᠪᠡᠷ ᠢᠶᠠᠨ ᠤᠯᠤᠨ᠎ᠠ》 ᠭᠡᠵᠡᠭᠡᠳᠡᠭ᠃ ᠮᠤᠩᠭᠤᠯᠴᠤᠳ ᠭᠡᠥᠭᠡᠳ ᠲᠤ ᠨᠠᠷᠠ ᠥᠭᠭᠦ ᠶᠢ ᠥᠵᠠᠵᠤ᠂ ᠤᠭᠢᠶᠠᠯᠭ᠎ᠠ ᠶᠢᠨ ᠥᠶ᠎ᠠ᠂ ᠰᠠᠷ᠎ᠠ ᠲᠥᠭᠦᠷᠭᠦ ᠮᠠᠳᠤ ᠶᠤᠰᠤᠯᠠᠯ ᠲᠡᠭᠡᠷ᠎ᠠ ᠲᠤᠭᠢᠶᠠᠯᠳᠤᠭᠤᠯᠵᠤ ᠵᠤᠭᠢᠬᠤ ᠶᠤᠰᠤᠯᠠᠯ ᠲᠠᠢ ᠪᠠᠷ ᠭᠥᠢᠴᠡᠳᠭᠡᠭᠦ ᠤᠯᠠᠮᠵᠢᠯᠠᠯ ᠲᠠᠢ ᠪᠤᠯᠤᠭᠰᠠᠨ ᠪᠠᠶᠢᠨ᠎ᠠ᠃ ᠬᠠᠯᠬ᠎ᠠ ᠳᠤ ᠭᠡᠥᠭᠡᠳ ᠲᠤ ᠨᠠᠷᠠ ᠥᠭᠴᠤ ᠪᠤᠢ ᠭᠥᠮᠥᠨ 《ᠲᠠᠶᠢᠮᠥ ᠨᠠᠷᠠ ᠥᠭᠪᠡ》 ᠭᠡᠵᠥ ᠡᠭᠡ ᠶᠢᠨ ᠭᠢᠨᠢ ᠴᠢᠭᠢᠨ ᠳᠤ ᠰᠢᠪᠡᠨᠡᠭᠦ ᠳᠤ᠂ ᠭᠥᠥ ᠲᠥᠷᠥᠭᠰᠡᠨ ᠪᠤᠯ ᠪᠠᠷᠠᠭᠤᠨ ᠴᠢᠭᠢᠨ ᠳᠤ ᠨᠢ᠂ ᠲᠥᠷᠥᠭᠰᠡᠨ ᠪᠤᠯ ᠵᠡᠭᠦᠨ ᠴᠢᠭᠢᠨ ᠳᠤ ᠨᠢ ᠥᠭᠭᠦᠭᠰᠡᠨ ᠨᠠᠷᠠ ᠶᠢ ᠰᠢᠪᠡᠨᠡᠨ ᠭᠡᠯᠡᠭᠡᠳ ᠲᠠᠷᠠᠭ᠎ᠠ ᠨᠢ ᠨᠠᠶᠢᠳᠠ ᠳᠤ ᠵᠠᠷᠯᠠᠳᠠᠭ ᠵᠠᠩᠰᠢᠯ ᠲᠠᠢ᠃
ᠠᠷᠠᠳ ᠤᠨ ᠥᠭᠡᠨ ᠳᠤ᠂ 《ᠭᠥᠮᠥᠨ ᠶᠠᠪᠤᠪᠠᠯ ᠨᠠᠷᠠ ᠪᠠᠨ᠂ ᠰᠢᠪᠠᠭᠤ ᠨᠢᠰᠪᠠᠯ ᠰᠡᠭᠦᠳᠡᠷ ᠢᠶᠠᠨ》 ᠭᠡᠳᠡᠭ ᠪᠤᠯᠬᠤᠷ᠂ ᠨᠠᠶᠢᠳᠠ ᠮᠤᠩᠭᠤᠯᠴᠤᠳ ᠤᠨ ᠲᠤᠮᠳᠠ ᠨᠠᠷᠠ ᠥᠭᠭᠦ ᠲᠠᠯ᠎ᠠ ᠪᠠᠷ ᠥᠪᠡᠷᠮᠢᠴᠠ ᠤᠨᠴᠠᠯᠢᠭ ᠲᠠᠢ ᠶᠤᠰᠤ ᠵᠠᠩᠰᠢᠯ ᠤᠳ ᠨᠠᠶᠢᠳᠠᠮ ᠲᠠᠯᠭᠡᠷᠠᠵᠤ ᠤᠯᠠᠮᠵᠢᠯᠠᠭᠳᠠᠨ ᠢᠷᠡᠭᠰᠡᠨ ᠪᠠᠶᠢᠨ᠎ᠠ᠃ ᠶᠠᠷᠥᠩᠭᠡᠢ ᠳᠤ ᠨᠢ ᠠᠪᠴᠤ ᠥᠵᠠᠪᠠᠯ᠂ ᠵᠥᠡᠭᠨᠡᠭᠦ᠂ ᠪᠡᠯᠭᠡᠳᠠᠭᠦ᠂ ᠲᠤᠷᠠᠰᠬᠤ᠂ ᠴᠡᠭᠡᠷᠯᠡᠭᠦ᠂ ᠡᠩᠭᠦᠷᠠᠶᠢᠯᠡᠭᠦ ᠵᠠᠷᠭᠡ ᠰᠠᠳᠭᠢᠯᠭᠡ ᠶᠢᠨ ᠥᠡᠭᠭᠡ ᠪᠠᠷ ᠭᠤᠤᠯᠯᠠᠭᠰᠠᠨ ᠨᠠᠷᠠᠶᠢᠳᠤᠯ ᠵᠤᠩᠭᠢᠯᠠᠬᠤ ᠪᠠᠶᠢᠷᠢ ᠶᠢ ᠡᠵᠡᠯᠡᠭᠰᠡᠭᠡᠷ ᠢᠷᠡᠭᠰᠡᠨ ᠪᠠᠶᠢᠳᠠᠯ ᠲᠠᠢ᠃ ᠡᠭᠦᠨ ᠳᠤ᠂ ᠭᠥᠴᠥ ᠴᠢᠳᠠᠯ᠂ ᠭᠥᠳᠡᠷ ᠴᠢᠭᠢᠷᠠᠭ᠂ ᠡᠷᠭᠢᠮ ᠴᠤᠬᠠᠭ᠂ ᠡᠷᠡᠭᠦᠯ ᠡᠩᠭᠡ᠂ ᠠᠵᠠ ᠵᠢᠷᠭᠠᠯ᠂ ᠰᠠᠶᠢᠨ ᠰᠠᠶᠢᠬᠠᠨ ᠢ ᠭᠥᠰᠡᠨ ᠪᠡᠯᠭᠡᠳᠠᠵᠤ᠂ ᠠᠷᠢᠶᠠᠳᠠᠨ ᠠᠮᠢᠳᠠᠨ᠂ ᠬᠠᠳᠠ ᠴᠢᠯᠠᠭᠤ᠂ ᠭᠥᠷᠠᠯ ᠲᠠᠮᠤᠷ᠂ ᠠᠯᠳᠠ ᠮᠥᠡᠭᠭᠦ᠂ ᠰᠤᠪᠤᠳ ᠱᠢᠷᠥ᠂ ᠨᠠᠷᠠ ᠰᠠᠷ᠎ᠠ᠂ ᠤᠳᠤᠨ ᠭᠠᠷᠠᠭ᠂ ᠴᠡᠴᠡᠭ ᠬᠤᠸᠠᠷ ᠵᠠᠷᠭᠡ ᠪᠠᠷ ᠨᠠᠷᠠᠯᠡᠭᠦ︔ ᠪᠠᠶᠠᠷ ᠨᠠᠶᠢᠷ᠂ ᠲᠤᠷᠠᠰᠬᠠᠯ ᠥᠢᠯᠨ᠂ ᠲᠠᠮᠳᠡᠭᠯᠡᠯᠳᠤ ᠤᠴᠢᠷ ᠲᠤᠭᠢᠶᠠᠯᠳᠤᠭᠰᠠᠨ ᠢᠶᠠᠷ ᠪᠡᠯᠭᠡᠰᠢᠶᠠᠨ ᠨᠠᠷᠠᠯᠡᠭᠦ᠂ ᠥᠡᠭᠭᠡ᠂ ᠲᠤᠭ᠎ᠠ᠂ ᠲᠥᠷᠰᠤ ᠶᠢᠨ ᠪᠡᠯᠭᠡᠳᠠᠯ ᠢᠶᠠᠷ ᠨᠠᠷᠠᠯᠡᠭᠦ ᠮᠠᠳᠤ ᠶᠠᠩᠵᠤ ᠪᠥᠷᠢ ᠶᠢᠨ ᠪᠠᠶᠢᠳᠠᠭ᠃
ᠲᠠᠥᠭᠡᠨ ᠭᠥᠭᠵᠢᠯ ᠤᠨ ᠶᠠᠪᠤᠴᠠ ᠳᠤ ᠤᠯᠤᠰ ᠥᠨᠳᠤᠰᠤᠳᠠᠨ ᠨᠦᠭᠦᠳ ᠤᠨ ᠠᠵᠤ ᠠᠬᠤᠢ᠂ ᠤᠯᠤᠰ ᠲᠥᠷᠥ᠂ ᠰᠤᠶᠤᠯ ᠤᠨ ᠰᠤᠯᠢᠯᠴᠠᠭ᠎ᠠ ᠶᠢᠨ ᠥᠷᠭᠡᠵᠢᠯ ᠢ ᠲᠠᠭᠠᠯᠳᠤᠨ ᠮᠤᠩᠭᠤᠯᠴᠤᠳ ᠤᠨ ᠨᠠᠷᠠ ᠥᠭᠭᠦ ᠵᠠᠩᠰᠢᠯ ᠴᠤ ᠠᠳᠠᠯᠢ ᠪᠤᠰᠤ ᠭᠡᠮᠵᠢᠶ᠎ᠠ ᠪᠠᠷ ᠨᠥᠯᠥᠭᠡ ᠭᠥᠷᠳᠡᠭᠰᠡᠨ ᠤᠯᠠ ᠮᠥᠷ ᠢᠶᠠᠨ ᠥᠯᠡᠳᠡᠭᠡᠵᠠᠢ᠃ ᠲᠤᠬᠠᠢᠢᠯᠠᠪᠠᠯ᠂ ᠮᠤᠩᠭᠤᠯ ᠭᠥᠮᠥᠨ ᠤ ᠨᠠᠷᠠ ᠶᠢᠨ ᠲᠤᠳᠤᠷ᠎ᠠ ᠫᠧᠷᠰ᠂ ᠲᠥᠷᠺ᠂ ᠰᠠᠨᠰᠺᠷᠢᠲ᠂ ᠭᠢᠳᠠᠳ ᠭᠡᠯᠡᠨ ᠤ ᠨᠠᠷᠠᠯᠠᠯ ᠪᠠᠶᠢᠳᠠᠭ ᠪᠠ ᠪᠤᠳ᠋ᠳ᠋ᠾᠠ ᠶᠢᠨ ᠱᠠᠰᠢᠨ ᠮᠤᠩᠭᠤᠯ ᠤᠷᠤᠨ ᠳᠤ ᠲᠠᠯᠭᠡᠷᠡᠭᠰᠡᠨ ᠤ ᠲᠠᠷᠠᠭ᠎ᠠ᠂ ᠲᠥᠪᠡᠳ ᠨᠠᠷᠠ ᠥᠷᠭᠡᠨ ᠭᠡᠷᠡᠭᠯᠡᠭᠳᠡᠭᠦ ᠪᠤᠯᠤᠭᠰᠠᠨ ᠨᠢ ᠡᠭᠦᠨ ᠤ ᠨᠢᠭᠡᠨ ᠭᠡᠷᠠᠴᠢ ᠶᠤᠮ᠃ ᠮᠤᠩᠭᠤᠯ ᠭᠥᠮᠥᠨ ᠤ ᠨᠠᠷᠠ ᠥᠭᠭᠦ ᠶᠤᠰᠤ ᠨᠢ ᠡᠨᠡ ᠮᠠᠳᠤ ᠪᠡᠯᠭᠡᠳᠠᠭᠦ᠂ ᠵᠥᠡᠭᠨᠡᠭᠦ᠂ ᠲᠤᠷᠠᠰᠬᠤ᠂ ᠴᠡᠭᠡᠷᠯᠡᠭᠦ᠂ ᠡᠩᠭᠦᠷᠠᠶᠢᠯᠡᠭᠦ ᠵᠠᠷᠭᠡ ᠰᠠᠳᠭᠢᠯᠭᠡ ᠪᠠᠷ ᠭᠥᠮᠥᠨ ᠤ ᠨᠢᠭᠡ ᠨᠠᠰᠤᠨ ᠤ ᠰᠠᠶᠢᠨ ᠰᠠᠶᠢᠬᠠᠨ ᠢ ᠭᠥᠰᠡᠭᠦ ᠳᠤ ᠴᠢᠭᠯᠡᠭᠳᠠᠵᠤ ᠡᠭᠦᠰᠤᠨ ᠭᠥᠭᠵᠢᠭᠦ ᠳᠤ ᠪᠠᠨ ᠮᠤᠩᠭᠤᠯᠴᠤᠳ ᠤᠨ ᠥᠵᠠᠯ ᠥᠢᠯᠠᠭᠠᠯᠳᠠ᠂ ᠭᠤᠸ᠎ᠠ ᠲᠠᠭᠠᠰᠢᠶᠠᠯ᠂ ᠭᠥᠰᠡᠯ ᠡᠷᠠᠮᠠᠯᠵᠠᠯ ᠤᠨ ᠢᠯᠠᠷᠭᠡᠶᠢᠯᠠᠯ ᠤᠨ ᠬᠤᠪᠢ ᠪᠠᠷ ᠨᠠᠶᠢᠭᠡᠮ ᠤᠨ ᠭᠥᠭᠵᠢᠯ᠂ ᠴᠠᠭ ᠥᠶ᠎ᠠ ᠶᠢᠨ ᠬᠤᠪᠢᠷᠠᠯ ᠢ ᠲᠠᠭᠠᠯᠳᠤᠨ ᠤᠯᠠᠮᠵᠢᠯᠠᠯᠳᠤ ᠶᠤᠰᠤ ᠵᠠᠩᠰᠢᠯ ᠢᠶᠠᠨ ᠬᠠᠳᠠᠭᠠᠯᠠᠭᠰᠠᠨ ᠤ ᠲᠠᠭᠠᠤ᠂ ᠲᠠᠰᠤᠷᠠᠯᠳᠠ ᠥᠭᠡᠢ ᠪᠠᠷ ᠬᠤᠪᠢᠷᠠᠨ ᠭᠥᠭᠵᠢᠵᠥ᠂ ᠪᠠᠶᠠᠯᠢᠬᠵᠢᠨ ᠤᠯᠠᠮᠵᠢᠯᠠᠭᠳᠠᠭᠰᠠᠭᠠᠷ ᠢᠷᠡᠭᠰᠡᠨ ᠪᠠᠶᠢᠨ᠎ᠠ ᠃