ᠵᠤᠬᠢᠶᠠᠭᠴᠢ:
ᠴᠠᠭ:2020-05-23
ᠥᠵᠡᠭᠰᠡᠨ : ℃
ᠢᠷᠡᠯᠲᠡ:
ᠰᠢᠪᠰᠢᠯᠭᠡᠨ ᠬᠤᠨᠢᠨ ᠲᠥᠯᠭᠡ
ᠴᠢᠩᠭᠢᠰ ᠤᠨ ᠲᠠᠭᠢᠯᠭ᠎ᠠ ᠳᠠᠬᠢ ᠲᠥᠷᠪᠡᠨ ᠴᠠᠭ ᠤᠨ ᠬᠤᠷᠢᠮ ᠤᠨ ᠴᠠᠭᠠᠨ ᠰᠥᠷᠥᠭ ᠤᠨ ᠬᠤᠷᠢᠮ ᠤᠨ ᠡᠳᠤᠷ ᠤᠨ ᠲᠠᠭᠢᠯᠭ᠎ᠠ ᠳᠤ ᠬᠤᠨᠢ ᠰᠢᠪᠰᠢᠵᠥ ᠰᠢᠯᠭᠡᠯᠭᠡᠭᠦ ᠶᠤᠰᠤ ᠵᠠᠩᠰᠢᠯ ᠪᠠᠶᠢᠳᠠᠭ᠃ ᠲᠡᠭᠢᠯᠭ᠎ᠠ ᠶᠢᠨ ᠡᠳᠤᠷ ᠰᠢᠪᠰᠢᠯᠭᠡᠨ ᠬᠤᠨᠢ ᠶᠢ ᠴᠠᠭᠠᠨ ᠲᠤᠯᠤᠭ ᠲᠡᠭᠡᠷ᠎ᠠ ᠵᠤᠭᠰᠤᠭᠠᠵᠤ᠂ ᠬᠤᠨᠢᠨ ᠤ ᠪᠠᠷᠠᠭᠤᠨ ᠴᠢᠭᠢᠨ ᠳᠤ ᠰᠢᠪᠰᠢᠵᠥ᠂ ᠠᠷᠠᠵᠠ᠂ ᠠᠶᠢᠷᠠᠭ ᠰᠠᠴᠤᠭᠠᠳ᠂ ᠰᠢᠪᠰᠢᠯᠭᠡ ᠶᠢᠨ ᠬᠤᠨᠢᠨ ᠤ ᠡᠪᠡᠷ᠂ ᠴᠢᠭᠢ᠂ ᠨᠢᠳᠤ᠂ ᠤᠷᠤᠭᠤᠯ᠂ ᠭᠡᠯᠡ᠂ ᠭᠥᠯ ᠤᠨ ᠭᠥᠳᠡᠯᠥᠯ ᠪᠠᠶᠢᠳᠠᠯ ᠢ ᠰᠢᠨᠵᠢᠭᠡᠴᠢ ᠪᠠᠷ ᠰᠢᠨᠵᠢᠭᠦᠯᠵᠥ᠂ ᠭᠡᠷᠡᠭ ᠶᠠᠪᠤᠳᠠᠯ ᠤᠨ ᠪᠡᠯᠭᠡ ᠢᠷᠸ᠎ᠠ ᠶᠢ ᠲᠥᠰᠥᠭᠡᠯᠡᠭᠦ ᠶᠢ ᠰᠢᠪᠰᠢᠯᠭᠡᠨ ᠬᠤᠨᠢᠨ ᠲᠥᠯᠭᠡ ᠭᠡᠳᠡᠭ᠃
ᠰᠢᠪᠰᠢᠯᠭᠡᠨ ᠬᠤᠨᠢᠨ ᠲᠥᠯᠭᠡ ᠨᠢ ᠴᠢᠩᠭᠢᠰ ᠤᠨ ᠲᠠᠭᠢᠯᠭ᠎ᠠ ᠳᠠᠬᠢ ᠲᠤᠰᠬᠠᠢ ᠥᠢᠯᠨ ᠶᠤᠰᠤᠯᠠᠯ ᠪᠤᠯᠬᠤ ᠪᠥᠭᠡᠳ ᠬᠠᠭᠠᠨ ᠡᠵᠠᠨ᠂ ᠨᠤᠶᠠᠳ ᠲᠥᠰᠢᠮᠠᠳ᠂ ᠲᠥᠷᠥ ᠭᠥᠷᠥᠨ ᠤ ᠪᠠᠶᠢᠳᠠᠯ ᠲᠠᠢ ᠬᠤᠯᠪᠤᠭᠳᠠᠭᠰᠠᠨ ᠲᠥᠯᠭᠡ ᠪᠤᠯᠬᠤᠷ᠂ ᠲᠦᠢᠯ ᠤᠨ ᠨᠢᠭᠤᠴᠠᠭᠠᠢ ᠰᠢᠨᠵᠢ ᠲᠠᠢ ᠪᠠᠶᠢᠳᠠᠭ᠃ ᠢᠢᠮᠥ ᠠᠴᠠ ᠡᠨᠡ ᠲᠥᠯᠭᠡ ᠶᠢ ᠴᠢᠩᠭᠢᠰ ᠤᠨ ᠲᠠᠭᠢᠯᠭ᠎ᠠ ᠶᠢ ᠥᠶ᠎ᠠ ᠵᠠᠯᠭᠠᠮᠵᠢᠯᠠᠨ ᠡᠷᠭᠢᠯᠡᠭᠰᠡᠨ ᠲᠠᠷᠬᠠᠳ ᠶᠠᠮᠤᠳᠠᠨ ᠰᠢᠨᠵᠢᠵᠥ ᠴᠢᠳᠠᠳᠠᠭ᠃ ᠰᠥᠡᠭᠴᠢ ᠬᠠᠷᠴᠠᠭᠠᠢ ᠶᠢᠨ ᠭᠥᠭᠡ ᠯᠤᠤ ᠵᠢᠯ ᠤᠨ ᠵᠤᠨ ᠤ ᠡᠭᠢᠨ ᠰᠠᠷ᠎ᠠ ᠶᠢᠨ ᠰᠢᠨ᠎ᠠ ᠶᠢᠨ ᠭᠤᠷᠪᠠᠨ ᠳᠤ ᠰᠢᠨᠠᠳᠭᠡᠨ ᠪᠢᠴᠢᠭᠰᠡᠨ 《ᠰᠢᠪᠰᠢᠯᠭᠡᠨ ᠬᠤᠨᠢᠨ ᠲᠥᠯᠭᠡ ᠶᠢᠨ ᠰᠤᠳᠤᠷ》 ᠲᠤ᠂ 《ᠲᠡᠭᠡᠳᠤ ᠤᠷᠤᠭᠤᠯ ᠠᠨᠤ ᠭᠥᠳᠡᠯᠪᠠᠰᠤ ᠭᠡᠷᠡᠭᠦᠯ ᠲᠠᠮᠡᠴᠡᠯ ᠤᠨ ᠶᠠᠯ᠎ᠠ ᠪᠤᠯᠬᠤ᠂ ᠬᠤᠯᠠ ᠭᠠᠵᠠᠷ᠎ᠠ ᠤᠳᠬᠤ ᠮᠠᠭᠤ᠂ ᠡᠪᠡᠷ ᠢᠶᠠᠨ ᠲᠡᠭᠷᠢ ᠶᠢᠨ ᠵᠥᠭ ᠲᠤ ᠴᠤᠭᠳᠤᠭᠤᠯᠪᠠᠰᠤ ᠬᠠᠳ ᠨᠤᠶᠠᠳ ᠰᠠᠭᠤᠳᠠᠯ ᠪᠠᠳᠤ ᠪᠤᠯᠬᠤ᠂ ᠡᠪᠡᠷ ᠢᠶᠠᠨ ᠲᠥᠷᠥᠭᠦᠯᠡᠨ ᠰᠠᠵᠢᠪᠠᠰᠤ ᠲᠥᠰᠢᠮᠠᠳ ᠲᠤᠷ ᠰᠠᠶᠢᠨ᠂ ᠡᠪᠡᠷ ᠢᠶᠠᠨ ᠭᠡᠳᠡᠷᠭᠦ ᠴᠦᠢᠳᠠᠪᠠᠰᠤ ᠢᠷᠭᠡᠨ ᠪᠤᠭᠤᠯ ᠳᠤ ᠰᠠᠶᠢᠨ᠂ ᠡᠪᠡᠷ ᠥᠭᠡᠢ ᠲᠤᠯᠤᠭᠠᠢ ᠴᠢᠭᠢ ᠡᠰᠡ ᠭᠥᠳᠡᠯᠪᠠᠰᠤ ᠰᠢᠨᠵᠢ ᠥᠭᠡᠢ᠂ ᠴᠢᠭᠢᠨ ᠠᠨᠤ ᠲᠡᠭᠡᠭᠰᠢ ᠰᠡᠷᠳᠠᠯᠵᠠᠪᠠᠰᠤ ᠠᠮᠢ ᠨᠠᠰᠤᠨ ᠢ ᠲᠡᠭᠷᠢ ᠢᠪᠡᠭᠡᠭᠦ᠂ ᠴᠢᠭᠢᠨ ᠠᠨᠤ ᠲᠤᠷᠤᠭᠰᠢ ᠰᠠᠵᠢᠪᠠᠰᠤ ᠪᠤᠷᠤᠭᠠᠨ ᠲᠠᠢ ᠪᠤᠯᠬᠤ᠂ ᠨᠢᠳᠤᠨ ᠠᠨᠤ ᠬᠤᠷᠴᠠ ᠬᠠᠷᠠᠪᠠᠰᠤ ᠬᠠᠮᠤᠬ ᠢ ᠤᠳᠤᠷᠢᠳᠤᠨ ᠭᠡᠶᠢᠭᠦᠯᠭᠦ᠂ ᠲᠤᠯᠢ ᠮᠠᠳᠤ ᠲᠥᠷᠥ ᠪᠠᠷᠢᠬᠤ ᠰᠠᠶᠢᠨ᠂ ᠭᠡᠯᠡ ᠠᠨᠤ ᠴᠢᠯᠪᠡᠯᠵᠢᠵᠥ ᠲᠤᠯᠢᠶᠠᠬᠤ ᠮᠠᠳᠤ ᠪᠤᠯᠪᠠᠰᠤ ᠭᠢᠯᠪᠢᠯᠭᠡᠠ ᠮᠠᠳᠤ ᠠᠶᠤᠯᠲᠤ ᠲᠠᠶᠢᠰᠤᠨ ᠤ ᠬᠤᠤᠷ ᠤᠯᠠᠨ ᠪᠤᠯᠬᠤ᠂ ᠲᠥᠷᠪᠡᠨ ᠭᠥᠯ ᠤᠨ ᠥᠶ᠎ᠠ ᠭᠤᠳᠤᠷᠤᠨ ᠰᠤᠨᠢᠶᠠᠬᠤ ᠮᠠᠳᠤ ᠪᠤᠯᠪᠠᠰᠤ ᠡᠪᠠᠳᠴᠢᠨ ᠪᠤᠯᠬᠤ᠂ ᠭᠡᠨᠠᠳᠳᠠ ᠭᠠᠭᠴᠠ ᠭᠥᠯ ᠢᠶᠠᠨ ᠴᠠᠪᠴᠢᠯᠠᠪᠠᠰᠤ ᠮᠥᠷ ᠵᠤᠭᠢᠬᠤ᠂ ᠰᠢᠩᠭᠡᠨ ᠥᠳᠭᠡᠨ ᠭᠠᠷᠪᠠᠰᠤ ᠪᠠᠶᠠᠰᠬᠤᠯᠠᠩ ᠲᠡᠭᠡᠷ᠎ᠠ ᠶᠠᠪᠤᠵᠤ ᠡᠷᠢᠯ ᠤᠯᠬᠤ ᠰᠠᠶᠢᠨ᠂ ᠲᠥᠷᠪᠡᠨ ᠭᠥᠯ ᠢᠶᠠᠨ ᠴᠠᠪᠴᠢᠯᠡᠨ ᠪᠠᠶ᠎ᠠ ᠪᠠᠨ ᠬᠤᠪᠴᠢᠭᠢᠨᠡᠨ ᠬᠤᠳᠤᠭᠤᠯᠵᠠᠪᠠᠰᠤ ᠭᠠᠩ ᠶᠡᠭᠡ᠂ ᠬᠤᠷ᠎ᠠ ᠥᠭᠡᠢ᠂ ᠠᠯᠢ ᠵᠥᠭ ᠡᠷᠭᠢᠨ ᠡᠷᠭᠢᠨ ᠰᠢᠯᠭᠡᠪᠠᠰᠤ ᠪᠥᠭᠦᠳᠠ ᠳᠤᠷ ᠰᠠᠶᠢᠨ》 ᠭᠡᠭᠦ ᠮᠠᠳᠤ ᠪᠠᠷ ᠲᠠᠮᠳᠡᠭᠯᠡᠵᠠᠢ᠃ ᠰᠢᠪᠰᠢᠯᠭᠡᠨ ᠬᠤᠨᠢᠨ ᠤ ᠭᠠᠳᠠᠷ ᠰᠢᠨᠵᠢ ᠶᠢ ᠡᠨᠡ ᠮᠠᠳᠤ ᠰᠢᠨᠵᠢᠵᠥ᠂ ᠬᠤᠨᠢ ᠪᠠᠨ ᠥᠷᠥᠴᠡᠯᠡᠭᠦ ᠳᠤ ᠢᠷᠥᠭᠡᠯᠴᠢ ᠠᠴᠠ ᠢᠷᠥᠭᠡᠯ ᠤᠡᠭᠰᠢᠵᠥ᠂ ᠡᠯᠢᠭᠡ ᠶᠢ ᠨᠢ ᠭᠠᠷᠭᠠᠵᠤ ᠰᠢᠨᠵᠢᠳᠡᠭ᠃ 《ᠰᠢᠪᠰᠢᠯᠭᠡᠨ ᠬᠤᠨᠢᠨ ᠤ ᠲᠥᠯᠭᠡ ᠶᠢᠨ ᠰᠤᠳᠤᠷ》 ᠲᠤ᠂ 《ᠡᠯᠢᠭᠡᠨ ᠢ ᠲᠤᠮᠳᠠ ᠥᠯᠥᠭᠡᠢ ᠶᠢᠨ ᠢᠵᠠᠭᠤᠷ ᠠᠨᠤ ᠬᠠᠭᠠᠨ ᠤ ᠭᠠᠵᠠᠷ᠎ᠠ᠂ ᠲᠡᠭᠦᠨ ᠤ ᠲᠤᠤᠷ᠎ᠠ ᠭᠤᠤᠯ ᠨᠤᠶᠠᠨ ᠤ ᠭᠠᠵᠠᠷ᠎ᠠ᠂ ᠲᠤᠮᠳᠠ ᠲᠤᠤᠷᠠᠭᠢ ᠥᠪᠡᠷ ᠤᠨ ᠭᠠᠵᠠᠷ᠎ᠠ ᠁ ᠬᠠᠭᠠᠨ ᠤ ᠭᠠᠵᠠᠷ᠎ᠠ ᠳᠤᠷ ᠵᠠᠮ ᠰᠤᠳᠠᠯ ᠥᠭᠡᠢ ᠪᠤᠯᠪᠠᠰᠤ ᠠᠮᠢᠳᠠᠨ ᠠᠮᠤᠷᠵᠢᠬᠤ ᠰᠠᠶᠢᠨ᠂ ᠰᠡᠳᠡᠷᠭᠡᠢ ᠨᠥᠭᠡ ᠪᠥᠭᠡᠰᠤ ᠠᠶᠤᠵᠤ ᠰᠤᠴᠢᠬᠤ ᠶᠠᠪᠤᠳᠠᠯ ᠤᠨ ᠭᠠᠢ᠂ ᠡᠷᠭᠢᠭ᠍ᠰᠡᠨ ᠬᠠᠷ᠎ᠠ ᠰᠤᠳᠠᠯ ᠪᠥᠭᠡᠰᠤ ᠭᠡᠯᠡ ᠠᠮᠠᠨ ᠤ ᠰᠢᠯᠳᠠᠭᠠᠨ᠂ ᠰᠤᠳᠠᠯ ᠬᠠᠷ᠎ᠠ ᠪᠥᠭᠡᠰᠤ ᠬᠤᠷ᠎ᠠ ᠪᠤᠷᠤᠭᠠᠨ ᠶᠡᠭᠡ ᠪᠤᠢ᠂ ᠤᠯᠠᠭᠠᠨ ᠪᠤᠯᠵᠤ ᠴᠢᠰᠤ ᠰᠢᠩᠭᠡᠨ ᠪᠤᠯᠪᠠᠰᠤ ᠡᠪᠠᠳᠴᠢᠨ ᠲᠠᠬᠤᠯ ᠡᠯᠪᠡᠭ ᠪᠤᠢ᠂ ᠬᠤᠸᠠ ᠬᠠᠪᠤᠳᠠᠷ ᠭᠥᠪᠤᠷᠤ ᠴᠢᠰᠤ ᠲᠤᠪᠤᠷᠳᠠᠵᠤ ᠭᠡᠰᠡᠭᠳᠤ ᠪᠤᠯᠪᠠᠰᠤ ᠭᠠᠩ ᠰᠠᠯᠭᠢᠨ ᠶᠡᠭᠡ᠂ ᠪᠤᠷᠤ ᠭᠥᠷᠠᠩ ᠰᠢᠷᠠᠪᠳᠤᠷ ᠪᠤᠯᠪᠠᠰᠤ ᠲᠤᠮᠳᠠ ᠪᠤᠷᠤᠭᠠᠨ ᠲᠠᠢ᠂ ᠭᠡᠰᠡᠭ ᠴᠢᠭᠢᠨ ᠭᠥᠭᠡᠰᠡᠷ ᠲᠤᠰᠤᠯᠳᠠᠢ ᠪᠤᠯᠪᠠᠰᠤ ᠮᠥᠨᠳᠤᠷ ᠵᠠᠮ ᠪᠤᠯᠬᠤ ᠁》 ᠭᠡᠵᠥ᠂ ᠰᠢᠪᠰᠢᠯᠭᠡᠨ ᠬᠤᠨᠢᠨ ᠤ ᠡᠯᠢᠭᠡ ᠶᠢᠨ ᠡᠯ᠎ᠠ ᠭᠡᠰᠡᠭ ᠢ ᠬᠠᠭᠠᠨ ᠡᠵᠠᠨ᠂ ᠨᠤᠶᠠᠳ ᠲᠥᠰᠢᠮᠠᠯ᠂ ᠡᠭᠡᠯ ᠠᠷᠠᠳ ᠤᠨ ᠬᠢ ᠭᠡᠵᠥ ᠬᠤᠪᠢᠶᠠᠭᠠᠳ᠂ ᠡᠯᠢᠭᠡ ᠶᠢᠨ ᠰᠤᠳᠠᠯ᠂ ᠥᠡᠭᠭᠡ ᠶᠢ ᠥᠨᠳᠤᠰᠤᠯᠠᠨ ᠴᠠᠭ ᠲᠥᠷᠥ᠂ ᠡᠪᠠᠳᠴᠢᠨ ᠲᠠᠬᠤᠯ᠂ ᠬᠤᠷ᠎ᠠ ᠪᠤᠷᠤᠭᠠᠨ ᠵᠠᠷᠭᠡ ᠶᠢ ᠰᠢᠨᠵᠢᠨ ᠲᠥᠯᠭᠡᠳᠡᠳᠡᠭ᠃