ᠵᠤᠬᠢᠶᠠᠭᠴᠢ:
ᠴᠠᠭ:2020-05-21
ᠥᠵᠡᠭᠰᠡᠨ : ℃
ᠢᠷᠡᠯᠲᠡ:
ᠠᠩᠨᠠᠯ ᠤᠨ ᠴᠡᠭᠡᠷ
ᠮᠤᠩᠭᠤᠯᠴᠤᠳ ᠠᠩ ᠠᠩᠨᠠᠯ ᠤᠨ ᠥᠢᠯᠠᠳᠥᠯᠭᠡ ᠲᠤᠮᠳᠠ ᠠᠩ ᠤᠨ ᠶᠠᠪᠤᠴᠠ ᠤᠷᠤᠭᠰᠢᠳᠠᠢ᠂ ᠠᠩ ᠤᠨ ᠭᠠᠨᠵᠤᠭ᠎ᠠ ᠲᠥᠭᠦᠷᠡᠩ ᠪᠠᠶᠢᠬᠤ ᠶᠢ ᠪᠡᠯᠭᠡᠳᠠᠨ ᠵᠥᠡᠭᠨᠡᠭᠦ ᠰᠠᠳᠭᠢᠯᠭᠡ ᠪᠠ ᠠᠷᠢᠶᠠᠳᠠᠨ ᠠᠮᠢᠳᠠᠨ ᠢ ᠠᠯᠠᠭᠰᠠᠨ ᠠᠴᠠ ᠪᠤᠯᠵᠤ᠂ ᠡᠯᠳᠡᠪ ᠤᠨ ᠠᠵᠠ ᠪᠤᠰᠤ ᠤᠴᠠᠷᠠᠯ ᠲᠤᠭᠢᠶᠠᠯᠳᠤᠬᠤ ᠠᠴᠠ ᠪᠤᠯᠭᠤᠮᠵᠢᠯᠠᠬᠤ ᠵᠠᠷᠭᠡ ᠠᠳᠠᠯᠢ ᠪᠤᠰᠤ ᠥᠢᠯᠠᠭᠠᠯᠳᠠ ᠠᠴᠠ ᠰᠢᠯᠳᠠᠭᠠᠯᠠᠭᠳᠠᠵᠤ᠂ ᠠᠩ ᠠᠩᠨᠠᠯ ᠲᠠᠢ ᠬᠤᠯᠪᠤᠭᠳᠠᠭᠰᠠᠨ ᠤᠯᠠᠨ ᠵᠥᠢᠯ ᠤᠨ ᠴᠡᠭᠡᠷ ᠤᠳ ᠪᠤᠢ ᠪᠤᠯᠵᠤ᠂ ᠤᠷᠳᠤ ᠤᠳᠠᠭᠠᠨ ᠬᠤᠭᠤᠴᠠᠭ᠎ᠠ ᠪᠠᠷ ᠤᠯᠠᠮᠵᠢᠯᠠᠭᠳᠠᠭᠰᠠᠭᠠᠷ ᠢᠷᠠᠵᠠᠢ᠃ ᠲᠡᠳᠡᠭᠡᠷ ᠴᠡᠭᠡᠷ ᠤᠳ ᠢ ᠶᠠᠷᠥᠩᠭᠡᠢ ᠳᠤ ᠨᠢ ᠠᠪᠴᠤ ᠥᠵᠠᠪᠠᠯ᠂ ᠠᠩ ᠳᠤ ᠮᠤᠷᠳᠠᠬᠤ ᠠᠴᠠ ᠡᠮᠥᠨᠡᠭᠢ ᠴᠡᠭᠡᠷ᠂ ᠠᠩ ᠤᠨ ᠵᠠᠮ ᠳᠠᠬᠢ ᠴᠡᠭᠡᠷ᠂ ᠠᠩᠨᠠᠬᠤ ᠠᠮᠢᠳᠠᠨ ᠲᠠᠢ ᠬᠤᠯᠪᠤᠭᠳᠠᠭᠰᠠᠨ ᠴᠡᠭᠡᠷ᠂ ᠠᠩᠨᠠᠬᠰᠠᠨ ᠤ ᠲᠠᠷᠠᠭᠠᠭᠢ ᠴᠡᠭᠡᠷ ᠭᠡᠭᠦ ᠮᠠᠳᠤ ᠪᠠᠷ ᠬᠤᠷᠢᠶᠠᠩᠭᠤᠢᠢᠯᠠᠨ ᠠᠩᠭᠢᠯᠠᠵᠤ ᠪᠤᠯᠤᠨ᠎ᠠ᠃
ᠠᠩ ᠳᠤ ᠮᠤᠷᠳᠠᠬᠤ ᠡᠳᠥᠷ ᠢᠶᠠᠨ ᠲᠤᠭᠳᠠᠵᠤ᠂ ᠭᠥᠷᠢᠶ᠎ᠠ ᠠᠪᠠ ᠭᠢᠭᠦ ᠳᠤ ᠪᠠᠨ ᠠᠪᠠ ᠶᠢᠨ ᠵᠠᠷ ᠲᠠᠷᠬᠠᠭᠠᠳᠠᠭ ᠪᠤᠯᠪᠠᠴᠤ᠂ ᠲᠤᠭᠳᠠᠭᠰᠠᠨ ᠡᠳᠥᠷ ᠢᠶᠠᠨ ᠢᠯᠠ ᠰᠢᠭᠤᠳ ᠭᠡᠯᠡᠭᠦ ᠶᠢ ᠴᠡᠭᠡᠷᠯᠡᠵᠥ᠂ ᠠᠳᠤᠭᠤᠨ ᠤ ᠬᠤᠮᠤᠯ ᠢᠶᠠᠷ ᠲᠤᠭᠢᠶ᠎ᠠ ᠪᠤᠯᠭᠠᠬᠤ᠂ ᠤᠳᠤᠨ ᠭᠠᠷᠠᠭ ᠤᠨ ᠨᠠᠷᠠ ᠪᠠᠷ ᠨᠠᠷᠡᠯᠡᠭᠦ ᠮᠠᠳᠤ ᠪᠠᠷ ᠠᠪᠠ ᠶᠢᠨ ᠡᠳᠥᠷ ᠢ ᠲᠠᠯᠳᠠ ᠪᠢᠳᠡᠭᠦᠥ ᠤᠳᠬ᠎ᠠ ᠪᠠᠷ ᠢᠯᠠᠳᠭᠡᠳᠡᠭ᠃ ᠭᠠᠭᠴᠠ ᠬᠤᠶᠠᠷ ᠢᠶᠠᠷ ᠠᠩ ᠳᠤ ᠮᠤᠷᠳᠠᠬᠤ ᠭᠥᠮᠥᠰ᠂ ᠭᠠᠯ ᠭᠤᠯᠤᠮᠳᠠ ᠶᠢᠨ ᠢᠶᠠᠨ ᠲᠠᠷᠭᠡᠳᠠ ᠠᠪᠠ ᠳᠤ ᠶᠠᠪᠤᠬᠤ ᠪᠠᠨ ᠭᠡᠯᠡᠭᠦ ᠶᠢ ᠴᠡᠭᠡᠷᠯᠡᠳᠡᠭ᠃ ᠭᠠᠯ ᠤᠨ ᠪᠤᠷᠬᠠᠨ ᠥᠭᠡᠨᠴᠢᠷ ᠪᠤᠯᠬᠤᠷ᠂ ᠠᠷᠢᠶᠠᠳᠠᠨ ᠠᠮᠢᠳᠠᠨ ᠳᠤ ᠨᠢᠭᠤᠴᠠ ᠶᠢ ᠵᠠᠳᠠᠷᠠᠭᠤᠯᠬᠤ ᠠᠴᠠ ᠪᠤᠯᠭᠤᠮᠵᠢᠯᠠᠳᠠᠭ᠃
ᠠᠩ ᠳᠤ ᠮᠤᠷᠳᠠᠬᠤ ᠠᠴᠠ ᠡᠮᠥᠨ᠎ᠠ᠂ ᠶᠠᠮᠠᠷ ᠠᠷᠢᠶᠠᠳᠠᠨ ᠢ ᠠᠩᠨᠠᠬᠤ ᠪᠠᠨ ᠨᠠᠷᠠᠯᠠᠨ ᠭᠡᠯᠡᠭᠦ ᠶᠢ ᠴᠡᠭᠡᠷᠯᠡᠵᠥ᠂ ᠨᠠᠷᠠ ᠵᠠᠶᠢᠯᠠᠭᠤᠯᠤᠨ ᠭᠡᠯᠡᠳᠡᠭ᠃ ᠵᠥᠪᠭᠡᠨ ᠴᠢᠨ᠋ᠸ᠎ᠠ ᠶᠢ ᠨᠠᠷᠡᠯᠡᠭᠦ ᠪᠠᠷ ᠵᠢᠱᠢᠶᠠᠯᠡᠭᠦ ᠳᠤ᠂ ᠲᠡᠭᠷᠢ ᠶᠢᠨ ᠨᠤᠬᠠᠢ ᠂ ᠭᠡᠭᠡᠷ᠎ᠠ ᠶᠢᠨ ᠨᠤᠬᠠᠢ ᠂ ᠰᠠᠷᠠᠯ ᠨᠤᠬᠠᠢ ᠂ ᠰᠤᠡᠳᠠᠭ ᠰᠠᠷᠠᠯ ᠂ ᠮᠥᠯᠭᠦᠭᠡ ᠰᠠᠷᠠᠯ ᠂ ᠪᠥᠭᠡᠨ ᠴᠠᠭᠠᠨ ᠂ ᠭᠥᠢᠳᠠᠨ ᠰᠢᠨᠵᠢᠳᠤ ᠂ ᠪᠤᠤᠬᠠᠢ ᠂ ᠪᠤᠷᠤᠭᠦᠥ ᠂ ᠪᠤᠬᠠᠢᠢᠯᠠᠳᠤᠭᠠ ᠂ ᠵᠢᠭᠭᠠᠷ ᠂ ᠭᠠᠶᠢᠬᠠᠯ ᠂ ᠭᠡᠴᠡᠭᠦᠥ ᠨᠠᠷᠠᠳᠤ ᠂ ᠶᠡᠭᠡ ᠠᠮᠠᠳᠤ ᠂ ᠭᠤᠵᠤᠩ ᠮᠠᠯᠠᠭᠠᠢᠢᠳᠤ ᠂ ᠭᠤᠨᠵᠢᠭᠳᠠᠢ ᠂ ᠭᠤᠳᠤᠩ ᠰᠡᠭᠦᠯᠳᠤ ᠂ ᠮᠤᠳᠤᠨ ᠰᠡᠭᠦᠯᠳᠤ ᠂ ᠥᠨᠥᠭᠢ ᠂ ᠭᠥᠡᠭᠭᠦᠷ ᠭᠡᠭᠦ ᠮᠠᠳᠤ ᠭᠡᠳᠤᠨ ᠠᠷᠪᠠᠨ ᠵᠥᠢᠯ ᠢᠶᠠᠷ ᠨᠠᠷᠠᠯᠡᠳᠡᠭ᠃ ᠡᠨᠡ ᠨᠢ ᠠᠷᠢᠶᠠᠳᠠᠨ ᠠᠮᠢᠳᠠᠨ ᠢ ᠰᠢᠭᠤᠳ ᠨᠠᠷᠠᠯᠠᠪᠠᠯ᠂ ᠠᠮᠢᠳᠠᠨ ᠤ ᠴᠢᠭᠢ ᠨᠢ ᠬᠠᠨᠭ᠍ᠭᠢᠨᠠᠵᠤ᠂ ᠰᠡᠵᠢᠭ ᠠᠵᠢᠭ ᠠᠪᠤᠭᠠᠳ᠂ ᠵᠠᠶᠢᠯᠠᠵᠤ ᠶᠠᠪᠤᠨ᠎ᠠ ᠭᠡᠵᠥ ᠥᠢᠯᠠᠭᠠᠳᠠᠭ ᠪᠤᠯᠬᠤᠷ ᠂ ᠰᠠᠷᠠᠮᠵᠢᠯᠡᠵᠥ ᠪᠤᠯᠭᠤᠮᠵᠢᠯᠠᠭᠰᠠᠨ ᠤ ᠢᠯᠠᠷᠠᠯ ᠶᠤᠮ᠃
ᠠᠩ ᠤᠨ ᠪᠡᠯᠡᠳᠭᠡᠯ ᠭᠢᠵᠥ᠂ ᠠᠪᠠ ᠶᠢᠨ ᠪᠠᠭᠠᠵᠢ ᠵᠠᠪᠰᠡᠭ ᠢᠶᠠᠨ ᠠᠮᠢᠯᠠᠭᠤᠯᠤᠭᠰᠠᠨ ᠤ ᠲᠠᠷᠠᠭ᠎ᠠ᠂ ᠪᠠᠷᠢᠶᠠᠳ ᠭᠠᠷ ᠭᠥᠷᠭᠦ ᠶᠢ ᠴᠡᠭᠡᠷᠯᠡᠳᠡᠭ ᠨᠢ ᠠᠮᠢᠯᠠᠭᠤᠯᠤᠭᠰᠠᠨ ᠪᠠᠭᠠᠵᠢ ᠵᠠᠪᠰᠡᠭ ᠤᠨ ᠷᠢᠳᠢ ᠰᠢᠳᠢ ᠶᠢ ᠪᠠᠭᠤᠷᠠᠭᠤᠯᠵᠤ᠂ ᠠᠪᠠ ᠶᠢᠨ ᠭᠠᠨᠵᠤᠭ᠎ᠠ ᠶᠢ ᠨᠥᠯᠥᠭᠡᠯᠡᠭᠦ ᠠᠴᠠ ᠪᠤᠯᠭᠤᠮᠵᠢᠯᠠᠭᠰᠠᠨ ᠥᠵᠠᠯ ᠥᠢᠯᠠᠭᠠᠯᠳᠠ ᠲᠠᠢ ᠬᠤᠯᠪᠤᠭ᠎ᠠ ᠲᠠᠢ᠃
ᠠᠪᠠ ᠭᠢᠭᠦ ᠡᠳᠥᠷ ᠬᠤᠭᠤᠴᠠᠭᠠᠨ ᠤ ᠬᠤᠪᠢ ᠳᠤ᠂ ᠰᠢᠨ᠎ᠠ ᠶᠢᠨ ᠨᠠᠢᠮᠠᠨ᠂ ᠠᠷᠪᠠᠨ ᠲᠥᠷᠪᠡᠨ᠂ ᠪᠢᠳᠠᠭᠦᠨ ᠳᠤ ᠠᠩ ᠭᠢᠭᠦ ᠶᠢ ᠴᠡᠭᠡᠷᠯᠡᠭᠦ ᠪᠥᠭᠡᠳ ᠠᠬᠠᠮᠠᠳ ᠨᠠᠰᠤᠳᠠᠨ ᠨᠢ ᠨᠥᠭᠴᠢᠭᠰᠡᠨ ᠪᠤᠯ 49 ᠪᠤᠶᠤ 100 ᠬᠤᠨᠤᠭ ᠤᠨ ᠲᠤᠳᠤᠷ᠎ᠠ ᠠᠪᠠ ᠭᠢᠭᠦ ᠶᠢ ᠴᠡᠭᠡᠷᠯᠡᠳᠡᠭ᠃
ᠠᠩ ᠤᠨ ᠵᠠᠮ ᠳᠤ ᠠᠷᠢᠶᠠᠳᠠᠨ ᠠᠮᠢᠳᠠᠨ ᠲᠠᠭᠠᠷᠠᠯᠳᠤᠪᠠᠯ᠂ ᠠᠳᠠᠯᠢ ᠪᠤᠰᠤ ᠰᠠᠳᠭᠢᠯᠭᠡ ᠪᠠᠷ ᠲᠠᠭᠠᠰᠢᠶᠠᠨ ᠪᠡᠯᠭᠡᠰᠢᠶᠠᠭᠦ ᠪᠤᠶᠤ ᠰᠠᠵᠢᠭ᠍ᠯᠡᠨ ᠴᠡᠭᠡᠷᠯᠡᠭᠦ ᠵᠠᠩᠰᠢᠯ ᠲᠠᠢ᠃ ᠲᠤᠬᠠᠢᠢᠯᠠᠪᠠᠯ᠂ ᠴᠢᠨ᠋ᠸ᠎ᠠ᠂ ᠪᠠᠷᠰ᠂ ᠪᠤᠭᠤ ᠲᠠᠭᠠᠷᠠᠯᠳᠤᠪᠠᠯ᠂ ᠠᠩ ᠤᠨ ᠴᠤᠭ ᠰᠥᠯᠳᠠ ᠰᠠᠷᠭᠦᠭᠡᠨᠠ ᠭᠡᠵᠥ ᠲᠠᠭᠠᠰᠢᠶᠠᠨ ᠪᠠᠯᠭᠡᠰᠢᠶᠠᠵᠤ᠂ ᠥᠨᠡᠭᠡ᠂ ᠵᠠᠭᠡᠷᠠ ᠲᠤᠭᠢᠶᠠᠯᠳᠤᠪᠠᠯ ᠮᠠᠭᠤ ᠢᠷᠸ᠎ᠠ ᠭᠡᠵᠥ ᠮᠥᠷ ᠲᠡᠭᠡᠷ᠎ᠠ ᠨᠢ ᠨᠢᠯᠪᠤᠳᠠᠭ᠃ ᠢᠯᠠᠩᠭᠤᠶ᠎ᠠ ᠠᠩ ᠤᠨ ᠵᠠᠮ ᠳᠤ ᠥᠨᠡᠭᠡ ᠲᠠᠭᠠᠷᠠᠯᠳᠤᠭᠠᠳ ᠠᠯᠠᠵᠤ ᠴᠢᠳᠠᠬᠤ ᠥᠭᠡᠢ ᠪᠤᠯ ᠮᠠᠭᠤ ᠢᠷᠸ᠎ᠠ ᠪᠤᠯᠤᠨ᠎ᠠ ᠭᠡᠵᠥ ᠰᠠᠵᠢᠭ᠍ᠯᠡᠭᠡᠳ᠂ ᠠᠩ ᠠᠴᠠ ᠪᠤᠴᠠᠳᠠᠭ ᠴᠤ ᠪᠤᠢ᠃
ᠠᠩᠨᠠᠬᠤ ᠠᠮᠢᠳᠠᠨ ᠲᠠᠢ ᠬᠤᠯᠪᠤᠭᠳᠠᠭᠰᠠᠨ ᠴᠡᠭᠡᠷ ᠢᠶᠠᠷ ᠭᠡᠯᠡᠭᠦ ᠳᠤ᠂ ᠴᠢᠨ᠋ᠸ᠎ᠠ ᠠᠴᠠ ᠪᠤᠰᠤᠳ ᠠᠷᠢᠶᠠᠳᠠᠨ ᠠᠮᠢᠳᠠᠨ ᠤ ᠨᠢᠯᠬ᠎ᠠ ᠲᠥᠯ᠂ ᠭᠡᠭᠡᠯ ᠲᠠᠢ ᠠᠮᠢᠳᠠᠨ ᠢ ᠠᠯᠠᠬᠤ ᠶᠢ ᠴᠡᠭᠡᠷᠯᠡᠭᠦ᠂ ᠤᠷᠤᠭ᠎ᠠ ᠤᠷᠤᠵᠤ ᠪᠠᠶᠢᠭ᠎ᠠ ᠥᠶ᠎ᠠ ᠳᠤ ᠠᠩᠨᠠᠬᠤ ᠶᠢ ᠴᠡᠭᠡᠷᠯᠡᠭᠦ᠂ ᠭᠡᠭᠦᠷ ᠤᠡᠭᠭᠤᠨ ᠤ ᠭᠠᠵᠠᠷ ᠠᠴᠠ ᠪᠤᠰᠤᠭᠰᠠᠨ ᠠᠮᠢᠳᠠᠨ ᠢ ᠠᠩᠨᠠᠬᠤ ᠶᠢ ᠴᠡᠭᠡᠷᠯᠡᠭᠦ᠂ ᠬᠤᠤᠰ ᠢᠶᠠᠷ ᠨᠢᠰᠭᠦ ᠵᠢᠭᠦᠷᠳᠡᠨ ᠢ ᠠᠯᠠᠬᠤ ᠶᠢ ᠴᠡᠭᠡᠷᠯᠡᠭᠦ᠂ ᠴᠢᠨ᠋ᠸ᠎ᠠ ᠠᠴᠠ ᠪᠤᠰᠤᠳ ᠰᠥᠷᠥᠭ ᠠᠮᠢᠳᠠᠨ ᠢ ᠭᠥᠢᠰᠤ ᠲᠠᠮᠳᠡᠷᠢᠭᠦ ᠶᠢ ᠴᠡᠭᠡᠷᠯᠡᠭᠦ ᠵᠠᠩᠰᠢᠯ ᠲᠠᠢ ᠠᠴᠠ ᠭᠠᠳᠠᠨ᠎ᠠ᠂ ᠠᠷᠢᠶᠠᠳᠠᠨ ᠠᠮᠢᠳᠠᠨ ᠤ ᠲᠤᠳᠤᠷ᠎ᠠ ᠠᠴᠠ ᠴᠠᠭᠠᠨ ᠲᠠᠷᠪᠠᠭ᠎ᠠ᠂ ᠬᠠᠷ᠎ᠠ ᠲᠠᠤᠯᠠᠢ᠂ ᠡᠪᠡᠷᠳᠤ ᠭᠤᠷᠭᠤᠤᠯ᠂ ᠱᠠᠭᠠᠵᠠᠭᠠᠢ᠂ ᠭᠡᠷᠢᠶ᠎ᠠ ᠠᠯᠠᠬᠤ ᠶᠢ ᠴᠡᠭᠡᠷᠯᠡᠳᠡᠭ᠃ ᠪᠠᠷᠰ ᠢ ᠠᠷᠢᠶᠠᠳᠠᠨ ᠤ ᠬᠠᠭᠠᠨ ᠭᠡᠵᠥ ᠥᠵᠡᠳᠡᠭ ᠪᠤᠯᠬᠤᠷ᠂ ᠪᠠᠷᠰ ᠠᠯᠠᠬᠤ ᠶᠢ ᠴᠡᠭᠡᠷᠯᠡᠳᠡᠭ᠃ ᠭᠡᠷᠪᠠ ᠪᠠᠷᠰ ᠠᠯᠠᠬᠤ ᠴᠢᠬᠤᠯᠠ ᠲᠠᠢ ᠥᠶ᠎ᠠ ᠳᠤ᠂ ᠡᠳᠥᠷ ᠥᠵᠡᠭᠦᠯᠵᠥ᠂ ᠲᠤᠰᠬᠠᠢ ᠠᠩᠴᠢᠨ ᠰᠤᠩᠭᠤᠳᠠᠭ᠃
ᠠᠷᠢᠶᠠᠳᠠᠨ ᠠᠮᠢᠳᠠᠨ ᠢ ᠠᠯᠠᠭᠰᠠᠨ ᠤ ᠰᠢᠯᠳᠠᠭᠠᠨ ᠢᠶᠠᠷ ᠠᠵᠠ ᠪᠤᠰᠤ ᠤᠴᠠᠷᠠᠯ ᠲᠤᠭᠢᠶᠠᠯᠳᠤᠬᠤ ᠠᠴᠠ ᠪᠤᠯᠭᠤᠮᠵᠢᠯᠠᠬᠤ ᠰᠠᠳᠭᠢᠯᠭᠡ ᠪᠠᠷ ᠠᠩᠨᠠᠭᠰᠠᠨ ᠤ ᠲᠠᠷᠠᠭ᠎ᠠ ᠴᠡᠭᠡᠷᠯᠡᠭᠦ ᠵᠥᠢᠯ ᠴᠤ ᠤᠯᠠᠨ ᠪᠠᠶᠢᠳᠠᠭ᠃ ᠲᠤᠬᠠᠢᠢᠯᠠᠪᠠᠯ᠂ ᠴᠢᠨ᠋ᠸ᠎ᠠ ᠠᠯᠠᠭᠰᠠᠨ ᠪᠤᠶᠤ ᠡᠭᠦᠷ ᠢ ᠮᠠᠯᠳᠠᠵᠤ ᠪᠡᠯᠳᠡᠷᠭᠡ ᠶᠢ ᠨᠢ ᠠᠯᠠᠪᠠᠯ᠂ ᠰᠢᠭᠤᠳ ᠭᠡᠷ ᠲᠤ ᠪᠠᠨ ᠬᠠᠷᠢᠬᠤ ᠶᠢ ᠴᠡᠭᠡᠷᠯᠡᠵᠥ᠂ ᠵᠠᠮ ᠮᠥᠷ ᠢᠶᠠᠨ ᠪᠤᠷᠤᠭᠤᠯᠠᠵᠤ ᠶᠠᠪᠤᠳᠠᠭ᠃ ᠥᠨᠡᠭᠡ ᠠᠯᠠᠵᠤ ᠥᠪᠴᠢᠭᠡᠳ ᠪᠥᠭᠦᠯᠢ ᠪᠠᠷ ᠨᠢ ᠬᠠᠶᠠᠬᠤ ᠶᠢ ᠴᠡᠭᠡᠷᠯᠡᠵᠥ᠂ ᠮᠥᠴᠢ ᠮᠥᠴᠢ ᠪᠠᠷ ᠨᠢ ᠰᠠᠯᠭᠠᠵᠤ᠂ ᠲᠥᠷᠪᠡᠨ ᠵᠥᠭ ᠲᠤ ᠬᠠᠶᠠᠭᠠᠳ᠂ ᠰᠡᠭᠦᠯ ᠢ ᠨᠢ ᠠᠮᠠᠨ ᠳᠤ ᠨᠢ ᠡᠮᠭᠦᠭᠦᠯᠵᠥ᠂ ᠴᠡᠭᠡᠵᠢᠨ ᠳᠤ ᠨᠢ ᠴᠢᠯᠠᠭᠤ ᠭᠢᠵᠥ ᠲᠠᠯᠪᠢᠳᠠᠭ᠃ ᠡᠨᠡ ᠨᠢ ᠥᠨᠡᠭᠡᠨ ᠰᠥᠨᠡᠰᠤ ᠭᠥᠮᠤᠨ ᠳᠤ ᠤᠷᠤᠰᠢᠬᠤ ᠪᠤᠶᠤ ᠥᠨᠡᠭᠡᠨ ᠰᠢᠮᠨᠤ ᠪᠥᠳᠥᠭᠦ ᠠᠴᠠ ᠰᠠᠷᠠᠮᠵᠢᠯᠡᠭᠰᠡᠨ ᠰᠠᠳᠭᠢᠯᠭᠡ ᠠᠴᠠ ᠡᠭᠦᠰᠥᠯ ᠲᠠᠢ ᠵᠠᠩ ᠥᠢᠯᠠ ᠪᠤᠯᠤᠨ᠎ᠠ᠃
ᠠᠩ ᠠᠩᠨᠠᠯ ᠤᠨ ᠡᠳᠡᠭᠡᠷ ᠴᠡᠭᠡᠷ ᠤᠳ ᠨᠢ ᠠᠳᠠᠯᠢ ᠪᠤᠰᠤ ᠴᠠᠭ ᠥᠶ᠎ᠠ ᠪᠤᠯᠤᠨ ᠭᠠᠵᠠᠷ ᠤᠷᠤᠨ ᠳᠤ ᠤᠯᠠᠮᠵᠢᠯᠠᠭᠳᠠᠬᠤ ᠳᠤ ᠪᠠᠨ ᠵᠠᠷᠢᠮ ᠵᠥᠢᠯᠠᠰ ᠨᠢ ᠮᠠᠷᠳᠠᠭᠳᠠᠨ ᠪᠠᠯᠠᠷᠬᠠᠢᠢᠰᠢᠭᠰᠠᠨ ᠪᠤᠯᠪᠠᠴᠤ᠂ ᠵᠠᠷᠢᠮ ᠠᠭᠤᠯᠭ᠎ᠠ ᠨᠢ ᠶᠠᠩᠵᠤ ᠪᠥᠷᠢ ᠶᠢᠨ ᠬᠤᠪᠢᠷᠠᠯ ᠢᠶᠠᠷ ᠤᠯᠠᠮᠵᠢᠯᠠᠭᠳᠠᠭᠰᠠᠭᠠᠷ ᠪᠠᠶᠢᠭ᠎ᠠ ᠶᠤᠮ᠃