ᠵᠤᠬᠢᠶᠠᠭᠴᠢ:
ᠴᠠᠭ:2020-05-16
ᠥᠵᠡᠭᠰᠡᠨ : ℃
ᠢᠷᠡᠯᠲᠡ:
ᠭᠠᠯ ᠲᠠᠭᠢᠯᠭ᠎ᠠ ᠶᠢᠨ ᠪᠠᠯᠠᠳᠭᠡᠯ
ᠭᠠᠯ ᠲᠠᠭᠢᠬᠤ ᠡᠳᠤᠷ ᠭᠡᠷ ᠤᠷᠤᠨ ᠢᠶᠠᠨ ᠴᠠᠪᠠᠷᠯᠡᠭᠦ ᠪᠠ ᠭᠠᠯ ᠲᠠᠭᠢᠯᠭ᠎ᠠ ᠳᠤ ᠭᠡᠷᠡᠭᠯᠡᠭᠦ ᠵᠥᠢᠯ ᠢᠶᠠᠨ ᠪᠡᠯᠡᠳᠭᠡᠳᠡᠭ᠃ ᠬᠤᠷᠢᠨ ᠭᠤᠷᠪᠠᠨ ᠤ ᠥᠷᠯᠥᠭᠡ ᠡᠷᠳᠠᠯᠠᠨ ᠪᠤᠰᠴᠤ᠂ ᠭᠡᠷ ᠤᠷᠤᠨ ᠤ ᠪᠠᠨ ᠲᠤᠭᠤᠰᠤ ᠶᠢ ᠱᠥᠭᠦᠷᠳᠡᠵᠥ᠂ ᠭᠥᠷᠢᠶ᠎ᠠ ᠬᠠᠰᠢᠶ᠎ᠠ ᠪᠠᠨ ᠴᠡᠪᠡᠷᠯᠠᠵᠤ᠂ ᠠᠷᠴᠠ᠂ ᠭᠥᠵᠢ ᠪᠠᠷ ᠠᠷᠢᠭᠤᠳᠬᠠᠳᠠᠭ᠃ ᠭᠠᠯ ᠲᠠᠭᠢᠯᠭ᠎ᠠ ᠳᠤ ᠭᠡᠷᠡᠭᠯᠡᠭᠦ ᠬᠠᠶᠢᠯᠠᠰᠤᠨ ᠮᠤᠳᠤ᠂ ᠭᠢᠯᠭᠠᠨ᠎ᠠ ᠡᠪᠠᠰᠤ ᠶᠢ ᠭᠥᠮᠥᠨ᠂ ᠮᠠᠯ ᠤᠨ ᠭᠥᠯ ᠠᠴᠠ ᠵᠠᠶᠢᠳᠠᠭᠤ ᠭᠠᠵᠠᠷ ᠠᠴᠠ ᠠᠪᠴᠤ ᠪᠡᠯᠡᠳᠭᠡᠳᠡᠭ᠃ ᠲᠠᠭᠢᠯᠭ᠎ᠠ ᠳᠤ ᠭᠡᠷᠡᠭᠯᠡᠭᠦ ᠴᠠᠭᠠᠨ ᠂ ᠰᠠᠷᠬᠤᠳ᠂ ᠬᠤᠨᠤᠭ ᠪᠤᠳᠠᠭ᠎ᠠ᠂ ᠪᠤᠷᠠᠮ᠂ ᠴᠢᠪᠠᠭ᠎ᠠ ᠵᠠᠷᠭᠡ ᠪᠠᠨ ᠪᠡᠯᠡᠳᠭᠡᠨ ᠲᠠᠯᠪᠢᠳᠠᠭ᠃ ᠡᠪᠥᠯ ᠤᠨ ᠢᠳᠡᠰᠢᠨ ᠤ ᠥᠶ᠎ᠠ ᠳᠤ ᠲᠤᠰᠬᠠᠢ ᠪᠠᠯᠠᠳᠭᠡᠭᠰᠡᠨ ᠭᠠᠯ ᠳᠤ ᠭᠡᠷᠡᠭᠯᠡᠭᠦ ᠡᠪᠴᠢᠭᠦᠥ ᠪᠠᠨ ᠭᠠᠷᠭᠠᠵᠤ ᠴᠢᠨᠠᠵᠤ ᠪᠤᠯᠭᠤᠭᠰᠠᠨ ᠤ ᠲᠠᠷᠠᠭ᠎ᠠ᠂ ᠵᠠᠰᠠᠨ ᠴᠢᠮᠡᠳᠡᠭ᠃ ᠭᠠᠯ ᠤᠨ ᠡᠪᠴᠢᠭᠦᠥ ᠵᠠᠰᠠᠵᠤ ᠴᠢᠮᠠᠭᠦ ᠨᠢ ᠲᠤᠭᠳᠠᠭᠰᠠᠨ ᠭᠤᠷᠢᠮ ᠶᠤᠰᠤ ᠲᠠᠢ᠃ ᠡᠪᠴᠢᠭᠦᠥ ᠵᠠᠰᠠᠬᠤ ᠳᠤ ᠭᠡᠷ ᠤᠨ ᠡᠵᠠᠨ ᠪᠤᠶᠤ ᠭᠠᠯ ᠲᠠᠭᠢᠬᠤ ᠭᠥᠮᠥᠨ ᠭᠠᠷ ᠢᠶᠠᠨ ᠤᠭᠢᠶᠠᠨ ᠠᠷᠢᠭᠤᠳᠬᠠᠭᠠᠳ᠂ ᠬᠤᠷᠴᠠ ᠭᠢᠳᠤᠭ᠎ᠠ ᠪᠠᠷ ᠡᠪᠴᠢᠭᠦᠨ ᠤ ᠪᠥᠳᠥᠷᠭᠡᠢ ᠶᠢᠨ ᠥᠵᠥᠭᠦᠷ ᠠᠴᠠ ᠡᠭᠢᠯᠡᠨ ᠮᠢᠬ᠎ᠠ ᠶᠢ ᠨᠢ ᠱᠤᠯᠤᠵᠤ᠂ ᠠᠶᠤᠤᠯᠢᠬᠠᠢ ᠶᠢᠨ ᠭᠡᠰᠡᠭ ᠠᠴᠠ ᠬᠤᠶᠠᠷ ᠲᠡᠰᠢ ᠨᠢ ᠢᠷᠠᠭᠠᠳ᠂ ᠰᠥᠪᠡᠷᠭᠡᠳᠡᠰᠤᠨ ᠤ ᠥᠵᠥᠭᠦᠷ ᠢᠶᠠᠷ ᠡᠪᠴᠢᠭᠦᠨ ᠤ ᠬᠤᠷᠮᠤᠢ ᠶᠢ ᠲᠤᠭᠤᠷᠢᠭᠤᠯᠤᠨ ᠠᠪᠴᠤ᠂ ᠮᠢᠬ᠎ᠠ ᠶᠢ ᠨᠢ ᠰᠠᠯᠭᠠᠬᠤ ᠥᠭᠡᠢ ᠪᠠᠷ ᠬᠤᠷᠤᠭᠤ ᠥᠷᠭᠡᠨ ᠵᠥᠰᠥᠭᠰᠡᠭᠡᠷ ᠴᠤᠷᠤᠢ ᠶᠢᠨ ᠲᠤᠤᠷ᠎ᠠ ᠭᠡᠰᠡᠭ ᠬᠤᠷᠮᠤᠢ ᠪᠠᠷ ᠪᠢᠳᠡᠭᠦᠥ ᠭᠠᠷᠭᠠᠳᠠᠭ᠃ ᠡᠪᠴᠢᠭᠦᠨ ᠤ ᠬᠤᠷᠤᠭᠤ ᠶᠢᠨ ᠵᠠᠪᠰᠡᠷ ᠲᠠᠬᠢ ᠮᠢᠬ᠎ᠠ ᠶᠢ ᠱᠤᠯᠤᠵᠤ ᠠᠪᠤᠭᠠᠳ᠂ ᠰᠥᠪᠡᠷᠭᠡᠳᠡᠰᠤᠨ ᠤ ᠥᠵᠥᠭᠦᠷ ᠤᠨ ᠴᠤᠷᠤᠢ ᠶᠢᠨ ᠪᠢᠳᠡᠭᠦᠥ ᠭᠤᠭᠴᠤᠭ᠎ᠠ ᠶᠢ ᠡᠪᠴᠢᠭᠦᠨ ᠤ ᠪᠥᠳᠥᠷᠭᠡᠢ ᠳᠤ ᠭᠤᠬᠠᠳᠠᠵᠤ᠂ ᠬᠤᠨᠢᠨ ᠤᠡᠭᠭᠠᠰᠤᠨ ᠤᠳᠠᠰᠤ ᠪᠤᠶᠤ ᠴᠠᠭᠠᠨ ᠪᠥᠰ ᠤᠳᠠᠰᠤ ᠪᠠᠷ ᠪᠥᠳᠥᠷᠭᠡᠢ ᠠᠴᠠ ᠡᠭᠢᠯᠡᠨ ᠵᠥᠪ ᠡᠷᠭᠢᠭᠦᠯᠥᠨ ᠭᠤᠷᠪᠠ ᠤᠷᠢᠶᠠᠵᠤ᠂ ᠲᠠᠭᠢᠨ ᠲᠤᠷᠤᠭᠰᠢ ᠲᠠᠳᠠᠵᠤ ᠵᠡᠭᠦᠨ ᠰᠥᠪᠡᠷᠭᠡᠳᠠᠰᠤ ᠶᠢ ᠭᠤᠷᠪᠠ ᠤᠷᠢᠶᠠᠨ᠂ ᠲᠠᠭᠢᠵᠥ ᠪᠠᠷᠠᠭᠤᠨ ᠰᠥᠪᠡᠷᠭᠡᠳᠡᠰᠤ ᠶᠢ ᠭᠤᠷᠪᠠ ᠤᠷᠢᠶᠠᠬᠤ ᠪᠥᠭᠡᠳ ᠡᠪᠴᠢᠭᠦᠨ ᠤ ᠭᠤᠷᠪᠠᠯᠵᠢᠨ ᠭᠡᠯᠪᠡᠷᠢ ᠶᠢ ᠪᠠᠳᠤᠯᠠᠳᠠᠭ᠃ ᠲᠡᠭᠡᠭᠡᠳ ᠡᠪᠴᠢᠭᠦᠨ ᠤ ᠬᠤᠨᠭ᠍ᠬᠤᠷᠬᠠᠢ ᠲᠡᠭᠡᠷ᠎ᠠ ᠶᠢᠰᠤᠨ ᠭᠢᠯᠭᠠᠨ᠎ᠠ ᠂ ᠱᠠᠭᠠᠨᠳᠤ᠂ ᠲᠥᠷᠪᠡᠨ ᠥᠨᠳᠤᠷ ᠤᠨ ᠶᠠᠰᠤ ᠶᠢ ᠲᠠᠯᠪᠢᠵᠥ᠂ ᠲᠡᠭᠦᠨ ᠤ ᠲᠠᠭᠡᠷ᠎ᠠ ᠨᠤᠭᠤᠭᠠᠨ᠂ ᠰᠢᠷ᠎ᠠ᠂ ᠤᠯᠠᠭᠠᠨ᠂ ᠴᠠᠭᠠᠨ᠂ ᠭᠥᠭᠡ ᠥᠡᠭᠭᠡ ᠶᠢᠨ ᠲᠤᠷᠭ᠎ᠠ᠂ ᠲᠤᠷᠳᠤᠩ ᠪᠤᠶᠤ ᠪᠥᠰ ᠤᠨ ᠥᠭᠡᠳᠠᠰᠤ ᠶᠢ ᠲᠠᠪᠬᠤᠷᠯᠠᠨ ᠲᠥᠷᠪᠡᠨ ᠥᠨᠴᠥᠭ ᠢ ᠨᠢ ᠴᠠᠭᠠᠨ ᠤᠳᠠᠰᠤ ᠪᠠᠷ ᠪᠤᠭᠤᠵᠤ᠂ ᠡᠪᠴᠢᠭᠦᠨ ᠤ ᠪᠠᠨ ᠪᠥᠳᠥᠷᠭᠡᠢ ᠪᠤᠯᠤᠨ ᠪᠥᠳᠥᠷᠭᠡᠢ ᠶᠢᠨ ᠲᠠᠷᠠᠭᠠᠭᠢ ᠬᠤᠶᠠᠷ ᠬᠤᠷᠤᠭᠤ ᠵᠢᠴᠢ ᠬᠤᠶᠠᠷ ᠰᠥᠪᠡᠷᠭᠡᠳᠡᠰᠤᠨ ᠤ ᠨᠤᠮᠤᠯᠵᠢᠨ ᠥᠵᠥᠭᠦᠷ ᠲᠤ ᠨᠢ ᠲᠤᠰᠪᠥᠷᠢ ᠨᠢᠭᠡ ᠪᠤᠭᠤᠯᠳᠠ ᠲᠠᠯᠪᠢᠵᠥ᠂ ᠲᠡᠭᠡᠷ᠎ᠠ ᠠᠴᠠ ᠨᠢ ᠰᠠᠮᠠᠵᠠᠨ ᠥᠭᠡᠭᠦ ᠪᠠᠷ ᠪᠥᠳᠡᠭᠡᠳᠡᠭ᠃ ᠲᠡᠭᠦᠨ ᠤ ᠲᠠᠭᠡᠷ᠎ᠠ ᠨᠢ ᠥᠭᠡᠭᠦ᠂ ᠰᠢᠷ᠎ᠠ ᠲᠤᠰᠤ᠂ ᠠᠮᠤᠰᠤ ᠪᠤᠳᠠᠭ᠎ᠠ᠂ ᠶᠢᠰᠤᠨ ᠵᠤᠯᠠ ᠪᠠᠷᠢᠭᠰᠠᠨ ᠢᠶᠠᠷ ᠪᠡᠯᠭᠡᠳᠠᠨ ᠵᠤᠯᠠ ᠶᠢᠨ ᠭᠤᠤᠯ ᠶᠢᠰᠤ ᠶᠢ ᠪᠠᠵᠠᠭᠠᠳᠠᠭ᠃
ᠭᠠᠯ ᠡᠪᠴᠢᠭᠦᠥ ᠴᠢᠨᠠᠭᠰᠨᠨ ᠱᠥᠯᠥᠨ ᠳᠤ ᠬᠤᠨᠤᠭ ᠪᠤᠳᠠᠭ᠎ᠠ ᠴᠢᠨᠠᠵᠤ ᠠᠭᠰᠢᠭᠠᠭᠠᠳ ᠭᠠᠯ ᠤᠨ ᠠᠮᠤᠰᠤ ᠪᠡᠯᠡᠳᠭᠡᠳᠡᠭ᠃ ᠱᠠᠭᠠᠨᠳᠤ᠂ ᠲᠥᠷᠪᠡᠨ ᠥᠨᠳᠤᠷ᠂ ᠭᠡᠷᠰᠡᠩ᠂ ᠴᠤᠷᠤᠢ᠂ ᠲᠠᠯᠠᠩ᠂ ᠬᠤᠰ᠂ ᠪᠤᠤᠪᠤ ᠪᠤᠭᠤᠷᠰᠤᠭ᠂ ᠴᠠᠭᠠᠨ ᠢᠳᠡᠭᠡᠨ ᠤ ᠵᠥᠢᠯᠠᠰ ᠢ ᠲᠠᠯᠠᠯᠭ᠎ᠠ ᠶᠢᠨ ᠰᠠᠭᠤᠯᠠᠭᠠᠨ ᠳᠤ ᠲᠥᠭᠦᠷᠳᠡᠯᠠ ᠭᠢᠭᠦ ᠶᠢᠨ ᠬᠠᠮᠳᠤ᠂ ᠡᠰᠢ ᠶᠢ ᠨᠢ ᠲᠠᠪᠤᠨ ᠥᠡᠭᠭᠡ ᠶᠢᠨ ᠭᠭᠢᠪ ᠢᠶᠠᠷ ᠴᠢᠮᠠᠵᠤ ᠵᠠᠰᠠᠭᠰᠠᠨ ᠰᠤᠮᠤᠨ ᠤ ᠵᠠᠪᠠ ᠪᠠᠨ ᠲᠤᠷᠤᠭᠰᠢ ᠬᠠᠨᠳᠤᠭᠤᠯᠤᠨ ᠭᠢᠵᠥ᠂ ᠲᠠᠯᠠᠯᠭ᠎ᠠ ᠠᠪᠬᠤ ᠳᠤ ᠪᠡᠯᠡᠳᠭᠡᠳᠡᠭ᠃ ᠡᠭᠦᠨ ᠤ ᠬᠠᠮᠳᠤ᠂ ᠲᠤᠰᠬᠠᠢ ᠪᠠᠯᠠᠳᠭᠡᠭᠰᠡᠨ ᠰᠠᠴᠤᠯᠢ ᠡᠷᠭᠦᠴᠠ ᠶᠢᠨ ᠪᠠᠭᠪᠤᠷ ᠲᠤ ᠠᠷᠢᠭᠢ᠂ ᠴᠢᠪᠠᠭ᠎ᠠ᠂ ᠥᠭᠡᠭᠦ᠂ ᠰᠢᠷ᠎ᠠ ᠲᠤᠰᠤ ᠭᠢᠵᠥ᠂ ᠭᠠᠯ ᠲᠠᠭᠢᠬᠤ ᠥᠶᠠᠰ ᠡᠷᠭᠦᠭᠦ ᠪᠠᠷ ᠪᠡᠯᠡᠭᠡᠨ ᠪᠤᠯᠭᠠᠳᠠᠭ ᠪᠥᠭᠡᠳ ᠭᠠᠯ ᠤᠨ ᠡᠮᠥᠰᠭᠡᠯ ᠭᠡᠵᠥ ᠲᠠᠪᠤᠨ ᠥᠡᠭᠭᠡ ᠶᠢᠨ ᠭᠭᠢᠪ ᠪᠤᠶᠤ ᠪᠥᠰ ᠢ ᠬᠤᠶᠠᠷ ᠬᠤᠷᠤᠭᠤ ᠭᠢᠷᠢᠳᠠᠢ ᠥᠷᠭᠡᠨ ᠂ ᠲᠥᠭᠡ ᠰᠢᠬᠠᠮ ᠤᠷᠳᠤ ᠵᠥᠰᠥᠵᠥ᠂ ᠬᠠᠮᠤᠭ ᠲᠤᠤᠷ᠎ᠠ ᠨᠢ ᠰᠢᠷ᠎ᠠ ᠥᠡᠭᠭᠡ᠂ ᠲᠠᠷᠠᠭ᠎ᠠ ᠨᠢ ᠶᠠᠭᠠᠨ᠂ ᠨᠤᠭᠤᠭᠠᠨ᠂ ᠴᠠᠭᠠᠨ ᠥᠡᠭᠭᠡ ᠶᠢᠨ ᠪᠥᠰ᠂ ᠬᠠᠮᠤᠭ ᠲᠡᠭᠡᠷ᠎ᠠ ᠨᠢ ᠭᠥᠭᠡ ᠥᠡᠭᠭᠡ ᠶᠢᠨ ᠲᠤᠷᠭ᠎ᠠ᠂ ᠲᠤᠷᠳᠤᠩ ᠪᠤᠶᠤ ᠪᠥᠰ ᠢ ᠲᠠᠪᠬᠤᠷᠯᠠᠨ ᠲᠠᠯᠪᠢᠭᠠᠳ᠂ ᠲᠥᠷᠪᠡᠨ ᠥᠨᠴᠥᠭ ᠢ ᠨᠢ ᠴᠠᠭᠠᠨ ᠤᠳᠠᠰᠤ ᠪᠠᠷ ᠤᠷᠢᠶᠠᠳᠠᠭ᠃ ᠢᠢᠮᠥ ᠡᠮᠥᠰᠭᠡᠯ ᠲᠥᠷᠪᠡ ᠶᠢ ᠪᠡᠯᠡᠳᠭᠡᠵᠥ᠂ ᠲᠡᠭᠦᠨ ᠢᠶᠠᠨ ᠭᠠᠯ ᠤᠨ ᠲᠥᠷᠪᠡᠨ ᠵᠠᠯᠮ᠎ᠠ ᠭᠡᠳᠡᠭ᠃
ᠭᠠᠯ ᠲᠠᠭᠢᠬᠤ ᠠᠴᠠ ᠡᠮᠥᠨ᠎ᠠ᠂ ᠭᠠᠯ ᠭᠤᠯᠤᠮᠳᠠ ᠶᠢᠨ ᠬᠠᠰᠢᠭᠤᠷ ᠮᠤᠳᠤ ᠪᠠ ᠲᠤᠯᠭ᠎ᠠ ᠪᠠᠨ ᠵᠠᠰᠠᠨ ᠴᠢᠮᠠᠵᠤ᠂ ᠬᠠᠰᠢᠭᠤᠷ ᠮᠤᠳᠤᠨ ᠤ ᠱᠠᠯᠠ ᠶᠢ ᠢᠯᠢᠵᠥ ᠰᠢᠪᠠᠭ᠋ᠤ ᠪᠤᠶᠤ ᠡᠯᠠᠰᠤ ᠲᠠᠪᠢᠰᠴᠤ᠂ ᠲᠤᠯᠭ᠎ᠠ ᠶᠢᠨ ᠲᠠᠪᠴᠠᠩ ᠢᠶᠠᠨ ᠰᠢᠨᠠᠳᠭᠡᠨ᠂ ᠲᠥᠷᠪᠡᠨ ᠥᠨᠴᠥᠭ ᠲᠤ ᠨᠢ ᠵᠢᠵᠢᠭ ᠢᠰᠡᠭᠡᠢ ᠲᠠᠪᠢᠰᠴᠤ᠂ ᠲᠡᠭᠡᠷ᠎ᠠ ᠨᠢ ᠲᠥᠷᠪᠡᠨ ᠪᠢᠴᠢᠬᠠᠨ ᠮᠤᠳᠤᠨ ᠲᠠᠪᠠᠭ ᠤᠨ ᠲᠤᠳᠤᠷ᠎ᠠ ᠬᠤᠨᠢᠨ ᠤ ᠨᠤᠤᠰᠤ ᠪᠤᠶᠤ ᠲᠥᠷᠪᠡᠯᠵᠢᠨ ᠴᠠᠭᠠᠨ ᠴᠠᠭᠠᠰᠤ ᠲᠠᠪᠢᠰᠤᠨ᠂ ᠲᠡᠭᠡᠷ᠎ᠠ ᠨᠢ ᠠᠭᠰᠢᠭᠠᠭᠰᠠᠨ ᠪᠤᠳᠠᠭ᠎ᠠ ᠶᠢ ᠭᠤᠤᠯ ᠳᠤ ᠨᠢ ᠬᠤᠨᠭ᠍ᠬᠤᠢᠢᠯᠠᠨ ᠰᠢᠷ᠎ᠠ ᠲᠤᠰᠤ ᠭᠢᠵᠥ᠂ ᠭᠤᠤᠯ ᠰᠠᠭᠤᠯᠭᠠᠵᠤ ᠵᠤᠯᠠ ᠪᠠᠷᠢᠬᠤ ᠳᠤ ᠪᠡᠯᠡᠳᠭᠡᠳᠡᠭ᠃ ᠡᠭᠦᠨ ᠢ《ᠤᠴᠤᠭ ᠤᠨ ᠪᠤᠳᠠᠭ᠎ᠠ》ᠭᠡᠳᠡᠭ᠃ ᠲᠤᠯᠭ᠎ᠠ ᠶᠢᠨ ᠲᠤᠳᠤᠷ᠎ᠠ ᠪᠠᠨ ᠬᠠᠰᠠᠭ ᠢ ᠨᠢ ᠲᠥᠭᠦᠷᠳᠡᠯᠠ ᠬᠤᠷ ᠠᠷᠭᠠᠯ ᠢ ᠲᠤᠭᠤᠷᠢᠭᠤᠯᠤᠨ ᠵᠠᠷᠭᠡᠯᠡᠵᠤ᠂ ᠲᠤᠮᠳᠠ ᠨᠢ ᠮᠤᠷᠢᠨ ᠤ ᠬᠤᠮᠤᠯ ᠭᠢᠵᠥ᠂ ᠲᠡᠭᠡᠷ᠎ᠠ ᠨᠢ ᠬᠠᠳᠠᠭᠠᠵᠤ ᠪᠠᠯᠡᠳᠭᠡᠭᠰᠡᠨ ᠬᠠᠶᠢᠯᠠᠰᠤᠨ ᠮᠤᠳᠤ ᠶᠢ ᠨᠠᠷᠢᠨ ᠨᠠᠷᠢᠨ ᠬᠠᠭᠠᠯᠵᠤ᠂ ᠭᠤᠷᠪᠠ ᠭᠤᠷᠪᠠ ᠪᠠᠷ ᠲᠥᠷᠪᠡᠨ ᠲᠠᠪᠬᠤᠷ ᠵᠥᠷᠢᠭᠦᠯᠭᠦ ᠪᠤᠶᠤ ᠲᠥᠷᠪᠡ ᠲᠥᠷᠪᠡ ᠪᠠᠷ ᠭᠤᠷᠪᠠᠨ ᠲᠠᠪᠬᠤᠷ ᠵᠥᠷᠢᠭᠦᠯᠡᠨ ᠠᠷᠪᠠᠨ ᠬᠤᠶᠠᠷ ᠢ ᠵᠠᠷᠭᠡᠯᠡᠨ ᠲᠠᠯᠪᠢᠳᠠᠭ᠃ ᠲᠤᠯᠭ᠎ᠠ ᠶᠢᠨ ᠡᠮᠥᠨ᠎ᠠ ᠲᠠᠯ᠎ᠠ ᠳᠤ ᠭᠠᠯ ᠤᠨ ᠰᠢᠷᠡᠭᠡ ᠵᠠᠰᠠᠵᠤ᠂ ᠲᠡᠭᠡᠷ᠎ᠠ ᠨᠢ ᠴᠢᠮᠡᠭᠰᠡᠨ ᠡᠪᠴᠢᠭᠦᠥ᠂ ᠫᠢᠯᠨ ᠲᠠᠢ ᠡᠮᠥᠰᠭᠡᠯ᠂ ᠥᠭᠡᠭᠦ ᠪᠤᠯᠤᠨ ᠠᠷᠢᠭᠢ᠂ ᠰᠢᠷ᠎ᠠ ᠲᠤᠰᠤ᠂ ᠴᠠᠭᠠᠨ ᠂ ᠴᠢᠪᠠᠭ᠎ᠠ ᠵᠠᠷᠭᠡ ᠶᠢ ᠭᠢᠭᠰᠡᠨ ᠰᠠᠴᠤᠯᠢ ᠶᠢᠨ ᠠᠶᠠᠭ᠎ᠠ᠂ ᠰᠠᠴᠤᠯᠢ ᠶᠢᠨ ᠬᠠᠯᠪᠠᠭ᠎ᠠ ᠵᠠᠷᠭᠡ ᠶᠢ ᠪᠡᠯᠡᠳᠭᠡᠳᠡᠭ᠃ ᠪᠤᠷᠬᠠᠨ ᠤ ᠪᠠᠨ ᠡᠮᠥᠨ᠎ᠠ ᠵᠤᠯᠠ ᠠᠰᠠᠭᠠᠵᠤ᠂ ᠲᠤᠯᠤᠭ᠎ᠠ ᠪᠤᠶᠤ ᠶᠢᠰᠤᠨ ᠭᠥᠵᠢ ᠡᠭᠦᠰᠭᠡᠵᠥ᠂ ᠵᠥᠪ ᠢᠶᠠᠷ ᠭᠤᠷᠪᠠ ᠬᠤᠷᠦ᠋ᠢᠯᠠᠨ ᠲᠠᠯᠪᠢᠭᠤᠷ ᠲᠡᠭᠡᠷ᠎ᠠ ᠲᠠᠯᠪᠢᠳᠠᠭ᠃