ᠵᠤᠬᠢᠶᠠᠭᠴᠢ:
ᠴᠠᠭ:2020-04-30
ᠥᠵᠡᠭᠰᠡᠨ : ℃
ᠢᠷᠡᠯᠲᠡ:
ᠰᠢᠳᠥᠯᠭᠡ ᠪᠢᠰᠢᠷᠠᠯ ᠤᠨ ᠴᠡᠭᠡᠷ
ᠰᠢᠳᠥᠯᠭᠡ ᠪᠢᠰᠢᠷᠠᠯ ᠤᠨ ᠴᠡᠭᠡᠷ ᠲᠤ᠂ ᠲᠡᠭᠡᠳᠤ ᠲᠡᠭᠷᠢ᠂ ᠤᠳᠤᠨ ᠭᠠᠷᠠᠭ᠂ ᠡᠭᠡ ᠡᠳᠥᠭᠡᠨ᠂ ᠠᠭᠤᠯᠠ ᠬᠠᠶᠢᠷᠬᠠᠨ᠂ ᠤᠰᠤ ᠪᠤᠯᠠᠭ᠂ ᠴᠢᠯᠠᠭᠤ᠂ ᠭᠠᠯ ᠵᠠᠷᠭᠡ ᠪᠠᠶᠢᠭᠠᠯᠢ ᠶᠢᠨ ᠰᠢᠳᠥᠯᠭᠡ ᠲᠠᠢ ᠬᠤᠯᠪᠤᠭᠳᠠᠭᠰᠠᠨ ᠴᠡᠭᠡᠷ ᠰᠥᠨᠠᠰᠤᠨ ᠰᠢᠳᠥᠯᠭᠡ᠂ ᠲᠡᠭᠡᠳᠤᠰ ᠤᠨ ᠰᠢᠳᠥᠯᠭᠡ᠂ ᠲᠤᠲ᠋ᠧᠮ ᠤᠨ ᠰᠢᠳᠥᠯᠭᠡ ᠵᠠᠷᠭᠡ ᠲᠠᠢ ᠬᠤᠯᠪᠤᠭᠳᠠᠭᠰᠠᠨ ᠴᠡᠭᠡᠷ ᠲᠡᠭᠡᠳᠤᠰ ᠤᠨ ᠲᠠᠭᠢᠯᠭ᠎ᠠ᠂ ᠰᠥᠯᠳᠠ ᠶᠢᠨ ᠲᠠᠭᠢᠯᠭ᠎ᠠ᠂ ᠭᠠᠯ ᠲᠠᠭᠢᠯᠭ᠎ᠠ᠂ ᠤᠪᠤᠭ᠎ᠠ ᠲᠠᠭᠢᠯᠭ᠎ᠠ ᠵᠠᠷᠭᠡ ᠲᠠᠭᠢᠯᠭ᠎ᠠ ᠲᠠᠶᠢᠯᠭ᠎ᠠ ᠲᠠᠢ ᠬᠤᠯᠪᠤᠭᠳᠠᠭᠰᠠᠨ ᠴᠡᠭᠡᠷ ᠵᠥᠩ ᠰᠤᠪᠢᠩ᠂ ᠮᠠᠷᠭᠡ ᠲᠥᠯᠭᠡ᠂ ᠵᠢᠷᠤᠬᠠᠢ ᠥᠵᠡᠯᠭᠡ᠂ ᠲᠤᠮᠨᠠᠯ ᠥᠢᠯᠨ᠂ ᠪᠡᠯᠭᠡᠳᠠᠯ ᠶᠤᠰᠤ ᠵᠠᠷᠭᠡ ᠪᠡᠯᠭᠡᠳᠠᠯ ᠵᠥᠡᠭᠨᠡᠯ ᠲᠠᠢ ᠬᠤᠯᠪᠤᠭᠳᠠᠭᠰᠠᠨ ᠴᠡᠭᠡᠷ ᠤᠳ ᠢ ᠪᠠᠭᠳᠠᠭᠠᠳᠠᠭ᠃ ᠵᠢᠱᠢᠶᠠᠯᠠᠪᠠᠯ᠄
ᠪᠠᠶᠢᠭᠠᠯᠢ ᠶᠢᠨ ᠰᠢᠳᠥᠯᠭᠡ ᠲᠠᠢ ᠬᠤᠯᠪᠤᠭᠳᠠᠭᠰᠠᠨ ᠴᠡᠭᠡᠷ ᠲᠤ᠂ ᠲᠡᠭᠷᠢ ᠶᠢ ᠬᠠᠷᠢᠶᠠᠬᠤ᠂ ᠲᠡᠭᠷᠢ ᠵᠥᠭ ᠰᠢᠷᠥᠢ ᠰᠠᠴᠤᠬᠤ᠂ ᠲᠡᠭᠷᠢ ᠶᠢ ᠢᠷᠳᠤ ᠮᠠᠰᠠ ᠪᠠᠷ ᠵᠢᠭᠠᠬᠤ ᠶᠢ ᠴᠡᠭᠡᠷᠯᠡᠭᠦ᠂ ᠨᠠᠷᠠ᠂ ᠰᠠᠷ᠎ᠠ ᠶᠢ ᠬᠠᠷᠢᠶᠠᠬᠤ ᠶᠢ ᠴᠡᠭᠡᠷᠯᠡᠭᠦ᠂ ᠨᠠᠷᠠ᠂ ᠰᠠᠷ᠎ᠠ ᠭᠭᠢᠷᠳᠤᠭᠦ ᠥᠶ᠎ᠠ ᠳᠤ ᠡᠭ᠍ᠴᠡᠯᠡᠨ ᠬᠠᠷᠠᠬᠤ ᠶᠢ ᠴᠡᠭᠡᠷᠯᠡᠭᠦ᠂ ᠤᠳᠤ ᠲᠤᠭᠠᠯᠠᠬᠤ ᠶᠢ ᠴᠡᠭᠡᠷᠯᠡᠭᠦ᠂ ᠰᠤᠯᠤᠩᠭ᠎ᠠ ᠶᠢ ᠬᠤᠷᠤᠭᠤ ᠪᠠᠷ ᠵᠢᠭᠠᠬᠤ ᠶᠢ ᠴᠡᠭᠡᠷᠯᠡᠭᠦ᠂ ᠭᠠᠵᠠᠷ ᠤᠨ ᠭᠥᠷᠥᠰᠤ ᠭᠡᠮᠳᠥᠭᠡᠭᠦ ᠶᠢ ᠴᠡᠭᠡᠷᠯᠡᠭᠦ᠂ ᠠᠭᠤᠯᠠ ᠬᠠᠶᠢᠷᠬᠠᠨ ᠢ ᠬᠤᠷᠤᠭᠤ ᠪᠠᠷ ᠵᠢᠭᠠᠬᠤ ᠶᠢ ᠴᠡᠭᠡᠷᠯᠡᠭᠦ᠂ ᠤᠰᠤ ᠪᠤᠯᠠᠭ ᠢ ᠪᠤᠭᠢᠷᠳᠤᠭᠤᠯᠬᠤ ᠶᠢ ᠴᠡᠭᠡᠷᠯᠡᠭᠦ᠂ ᠬᠠᠳᠠ ᠴᠢᠯᠠᠭᠤ ᠬᠠᠭᠠᠯᠬᠤ ᠶᠢ ᠴᠡᠭᠡᠷᠯᠡᠭᠦ᠂ ᠭᠠᠯ ᠢ ᠢᠷᠳᠤ ᠮᠠᠰᠠ ᠪᠠᠷ ᠵᠢᠭᠠᠬᠤ ᠶᠢ ᠴᠡᠭᠡᠷᠯᠡᠭᠦ᠂ ᠭᠠᠯ ᠳᠤ ᠪᠤᠵᠠᠷ ᠵᠥᠢᠯ ᠤᠢᠢᠷᠠᠳᠤᠭᠤᠯᠬᠤ ᠶᠢ ᠴᠡᠭᠡᠷᠯᠡᠭᠦ ᠵᠠᠷᠭᠡ ᠪᠣᠢ᠃
ᠰᠥᠨᠠᠰᠤ᠂ ᠲᠡᠭᠡᠳᠤᠰ᠂ ᠲᠤᠲ᠋ᠧᠮ ᠤᠨ ᠴᠡᠭᠡᠷ ᠲᠤ᠂ ᠰᠥᠨᠠᠰᠤ ᠵᠠᠶᠢᠯᠠᠬᠤ ᠶᠢ ᠴᠡᠭᠡᠷᠯᠡᠭᠦ᠂ ᠲᠠᠭᠡᠳᠤᠰ ᠢᠶᠠᠨ ᠮᠠᠭᠤᠯᠠᠬᠤ ᠶᠢ ᠴᠡᠭᠡᠷᠯᠡᠭᠦ᠂ ᠲᠡᠭᠡᠳᠤᠰ ᠤᠨ ᠤᠡᠭᠭᠤᠨ ᠭᠥᠨᠳᠡᠭᠦ ᠶᠢ ᠴᠡᠭᠡᠷᠯᠡᠭᠦ᠂ ᠲᠤᠲ᠋ᠧᠮ ᠤᠨ ᠠᠮᠢᠳᠠᠨ ᠢ ᠠᠯᠠᠬᠤ ᠶᠢ ᠴᠡᠭᠡᠷᠯᠡᠭᠦ ᠵᠠᠷᠭᠡ ᠪᠣᠢ᠃
ᠲᠡᠭᠢᠯᠭ᠎ᠠ ᠲᠠᠶᠢᠯᠭ᠎ᠠ ᠶᠢᠨ ᠴᠡᠭᠡᠷ ᠲᠤ᠂ ᠲᠡᠭᠡᠳᠤᠰ ᠤᠨ ᠲᠠᠭᠢᠯᠭ᠎ᠠ ᠶᠢ ᠲᠠᠰᠤᠯᠳᠠᠭᠤᠯᠬᠤ ᠶᠢ ᠴᠡᠭᠡᠷᠯᠡᠭᠦ᠂ ᠰᠥᠯᠳᠠ ᠶᠢᠨ ᠲᠡᠭᠢᠯᠭ᠎ᠠ ᠶᠢ ᠤᠰᠤᠯᠳᠠᠭᠤᠯᠬᠤ ᠶᠢ ᠴᠡᠭᠡᠷᠯᠡᠭᠦ᠂ ᠭᠠᠯ ᠤᠨ ᠪᠤᠷᠬᠠᠨ ᠢ ᠭᠤᠮᠤᠳᠠᠭᠠᠵᠤ ᠠᠭᠤᠷᠯᠠᠭᠤᠯᠬᠤ ᠶᠢ ᠴᠡᠭᠡᠷᠯᠡᠭᠦ ᠵᠠᠷᠭᠡ ᠪᠣᠢ᠃
ᠪᠡᠯᠭᠡᠳᠠᠯ ᠵᠥᠡᠭᠨᠡᠯ ᠤᠨ ᠴᠡᠭᠡᠷ ᠲᠤ᠂ ᠰᠠᠶᠢᠨ ᠵᠥᠩ ᠰᠢᠯᠵᠢᠭᠦ ᠶᠢ ᠴᠡᠭᠡᠷᠯᠡᠭᠦ᠂ ᠮᠠᠷᠭᠡ ᠲᠥᠯᠭᠡ ᠲᠥᠭᠡᠷᠢᠭᠦ ᠶᠢ ᠴᠡᠭᠡᠷᠯᠡᠭᠦ᠂ ᠵᠢᠷᠤᠬᠠᠢ ᠥᠵᠠᠯᠭᠡ ᠪᠤᠷᠤᠭᠤᠳᠬᠤ ᠶᠢ ᠴᠡᠭᠡᠷᠯᠡᠭᠦ᠂ ᠲᠤᠮᠨᠠᠯ ᠥᠢᠯᠨ ᠬᠠᠵᠠᠶᠢᠬᠤ ᠶᠢ ᠴᠡᠭᠡᠷᠯᠡᠭᠦ ᠵᠠᠷᠭᠡ ᠪᠠᠶᠢᠳᠠᠭ ᠪᠠ ᠪᠠᠯᠭᠡᠳᠠᠯ ᠶᠤᠰᠤ ᠲᠠᠢ ᠬᠤᠯᠪᠤᠭᠳᠠᠭᠰᠠᠨ ᠴᠠᠭᠠᠨ ᠪᠤᠳᠠᠰ ᠢᠶᠠᠷ ᠨᠢᠭᠤᠷ ᠢᠶᠠᠨ ᠪᠥᠳᠡᠭᠡᠭᠦ ᠶᠢ ᠴᠡᠭᠡᠷᠯᠡᠭᠦ᠂ ᠭᠠᠪᠠᠠ ᠰᠢᠷ᠎ᠠ ᠥᠡᠭᠭᠡ ᠶᠢᠨ ᠬᠤᠪᠴᠠᠰᠤ ᠡᠮᠥᠰᠭᠦ ᠶᠢ ᠴᠡᠭᠡᠷᠯᠡᠭᠦ᠂ ᠭᠠᠰᠢᠭᠤᠳᠠᠯ ᠪᠡᠯᠪᠡᠰᠤᠷᠠᠯ ᠤᠨ ᠥᠶ᠎ᠠ ᠳᠤ ᠤᠯᠠᠭᠠᠨ ᠥᠡᠭᠭᠡ ᠶᠢ ᠴᠡᠭᠡᠷᠯᠡᠭᠦ᠂ ᠪᠠᠶᠠᠷ ᠲᠤᠷᠠᠰᠬᠠᠯ ᠤᠨ ᠥᠶ᠎ᠠ ᠳᠤ ᠬᠠᠷ᠎ᠠ ᠥᠡᠭᠭᠡ ᠶᠢ ᠴᠡᠭᠡᠷᠯᠡᠭᠦ ᠵᠠᠷᠭᠡ ᠪᠣᠢ᠃