ᠵᠤᠬᠢᠶᠠᠭᠴᠢ:
ᠴᠠᠭ:2020-04-23
ᠥᠵᠡᠭᠰᠡᠨ : ℃
ᠢᠷᠡᠯᠲᠡ:
ᠵᠥᠯᠳᠡ ᠠᠪᠬᠤ ᠶᠤᠰᠤ
ᠠᠷᠢᠶᠠᠳᠠᠨ ᠠᠮᠢᠳᠠᠨ ᠤ ᠲᠤᠯᠤᠭᠠᠢ ᠶᠢ ᠡᠷᠡᠤ᠂ ᠭᠡᠯ᠎ᠠ᠂ ᠮᠥᠭᠡᠷᠰᠤᠨ ᠬᠤᠭᠤᠯᠠᠢ᠂ ᠠᠭᠤᠰᠭᠢ᠂ ᠵᠢᠷᠥᠭᠡ ᠲᠠᠢ ᠨᠢ ᠥᠷᠭᠦᠯᠵᠢ ᠠᠪᠤᠭᠰᠠᠨ ᠢ ᠵᠥᠯᠳᠡ ᠭᠡᠳᠡᠭ᠃ ᠡᠷᠳᠠᠨ ᠤ ᠮᠤᠩᠭᠤᠯᠴᠤᠳ᠂ ᠵᠥᠯᠳᠡ ᠶᠢᠨ ᠲᠤᠬᠠᠢ ᠥᠪᠡᠷᠮᠢᠴᠠ ᠤᠨᠴᠠᠭᠠᠢ ᠥᠵᠡᠯᠳᠠ ᠥᠢᠯᠠᠭᠠᠯᠳᠠ ᠲᠠᠢ ᠪᠠᠶᠢᠬᠰᠠᠨ ᠪᠤᠯᠬᠤᠷ᠂ ᠵᠥᠯᠳᠡ ᠲᠠᠢ ᠬᠤᠯᠪᠤᠭᠳᠠᠭᠰᠠᠨ ᠤᠯᠠᠨ ᠵᠥᠢᠯ ᠤᠨ ᠵᠠᠩ ᠥᠢᠯᠨ ᠪᠥᠷᠢᠯᠳᠤᠨ ᠲᠤᠭᠳᠠᠷᠢᠪᠤᠷᠢᠵᠤ᠂ ᠤᠯᠠᠮᠵᠢᠯᠠᠭᠳᠠᠵᠤ ᠢᠷᠡᠭᠰᠡᠨ ᠪᠠᠶᠢᠨ᠎ᠠ᠃
ᠡᠷᠳᠠᠨ ᠤ ᠭᠥᠮᠥᠰ᠂ ᠶᠢᠷᠳᠢᠨᠴᠤ ᠶᠢᠨ ᠲᠥᠮᠡᠨ ᠪᠤᠳᠠᠰ ᠲᠤ ᠰᠥᠨᠡᠰᠤ ᠲᠠᠢ ᠭᠡᠵᠥ ᠥᠢᠯᠠᠭᠠᠵᠤ ᠪᠠᠶᠢᠭᠰᠠᠨ ᠪᠥᠭᠡᠳ ᠠᠮᠢᠳᠠᠨ ᠤ ᠰᠥᠨᠠᠰᠤ ᠨᠢ ᠲᠤᠯᠤᠭᠠᠢ᠂ ᠵᠢᠷᠥᠭᠡ᠂ ᠴᠢᠰᠤᠨ ᠳᠤ ᠪᠠᠨ ᠤᠷᠤᠰᠢᠳᠠᠭ ᠢᠶᠠᠷ ᠥᠵᠠᠵᠤ ᠪᠠᠶᠢᠪᠠ᠃ ᠮᠤᠩᠭᠤᠯᠴᠤᠳ᠂ ᠠᠷᠢᠶᠠᠳᠠᠨ ᠠᠮᠢᠳᠠᠨ ᠤ ᠰᠥᠨᠠᠰᠤ ᠨᠢ ᠲᠤᠯᠤᠭᠠᠢ᠂ ᠪᠠᠭᠠᠯᠵᠤᠤᠷ᠂ ᠠᠭᠤᠰᠭᠢ᠂ ᠵᠢᠷᠥᠭᠡ ᠶᠢ ᠪᠠᠭᠳᠠᠭᠠᠭᠰᠠᠨ ᠵᠥᠯᠳᠡ ᠳᠤ ᠪᠠᠨ ᠤᠷᠤᠰᠢᠳᠠᠭ ᠭᠡᠵᠥ ᠥᠢᠯᠠᠭᠠᠵᠤ᠂ ᠵᠥᠯᠳᠡ ᠪᠠᠷ ᠠᠷᠢᠶᠠᠳᠠᠨ ᠠᠮᠢᠳᠠᠨ ᠤ ᠪᠥᠭᠦᠯᠢ ᠴᠤᠭᠴᠠ ᠶᠢ ᠲᠥᠯᠥᠭᠡᠯᠡᠭᠦᠯᠤᠨ᠂ ᠠᠮᠢᠨ ᠰᠥᠨᠠᠰᠤᠨ ᠤ ᠪᠡᠯᠭᠡᠳᠠᠯ ᠪᠤᠯᠭᠠᠨ ᠲᠡᠭᠡᠳᠥᠯᠡᠳᠡᠭ᠃ ᠡᠭᠦᠨ ᠤ ᠤᠯᠠᠮ ᠢᠶᠠᠷ ᠵᠥᠯᠳᠡ ᠶᠢ ᠡᠴᠢᠭᠡ ᠲᠡᠭᠷᠢ᠂ ᠡᠵᠠᠳ ᠰᠠᠭᠢᠭᠤᠰᠤ᠂ ᠡᠪᠦᠭᠡ ᠲᠡᠭᠡᠳᠤᠰ ᠤᠨ ᠲᠠᠭᠢᠯᠭ᠎ᠠ ᠳᠤ ᠬᠠᠮᠤᠭ ᠤᠨ ᠡᠷᠭᠢᠮ ᠡᠷᠭᠦᠴᠠ ᠪᠤᠯᠭᠠᠵᠤ᠂ ᠵᠥᠯᠳᠡ ᠪᠠᠷ ᠲᠠᠭᠢᠯᠭ᠎ᠠ ᠲᠠᠶᠢᠯᠭ᠎ᠠ ᠭᠢᠳᠡᠭ ᠪᠠᠶᠢᠨ᠎ᠠ᠃ ᠲᠤᠬᠠᠢᠢᠯᠠᠪᠠᠯ᠂ ᠪᠥᠭᠡ ᠨᠠᠷ ᠲᠡᠭᠷᠢ ᠲᠠᠭᠢᠬᠤ ᠳᠤ ᠪᠠᠨ ᠵᠥᠯᠳᠡ ᠪᠠᠷ ᠡᠷᠭᠦᠴᠠ ᠪᠠᠷᠢᠬᠤ᠂ ᠠᠩ ᠤᠨ ᠭᠡᠰᠢᠭ ᠰᠤᠶᠤᠷᠬᠠᠭᠰᠠᠨ ᠠᠩ ᠤᠨ ᠲᠡᠭᠷᠢ ᠳᠤ ᠵᠥᠯᠳᠡ ᠡᠷᠭᠦᠭᠦ᠂ ᠰᠥᠯᠳᠠ ᠰᠢᠳᠥᠭᠡᠨ᠂ ᠡᠵᠠᠳ ᠤᠡᠭᠭᠤᠳ ᠢᠶᠠᠨ ᠵᠥᠯᠳᠡ ᠪᠠᠷ ᠲᠠᠭᠢᠬᠤ᠂ ᠨᠥᠭᠴᠢᠭᠰᠡᠳ ᠲᠤ ᠪᠠᠨ ᠮᠤᠷᠢᠨ ᠤ ᠵᠥᠯᠳᠡ ᠪᠠᠷ ᠲᠠᠭᠢᠯ ᠡᠷᠭᠦᠳᠡᠭ᠃ ᠲᠠᠭᠢᠯᠭ᠎ᠠ ᠳᠤ ᠡᠷᠭᠦᠳᠡᠭ ᠵᠥᠯᠳᠡ ᠳᠤ ᠵᠠᠯᠭᠠᠯᠳᠤ ᠵᠥᠯᠳᠡ᠂ ᠡᠷᠡᠤ ᠵᠥᠯᠳᠡ᠂ ᠭᠡᠯᠡᠳᠤ ᠵᠥᠯᠳᠡ ᠭᠡᠭᠦ ᠮᠠᠳᠤ ᠭᠡᠳᠤᠨ ᠵᠥᠢᠯ ᠪᠠᠶᠢᠳᠠᠭ᠃
ᠮᠤᠩᠭᠤᠯᠴᠤᠳ᠂ ᠵᠥᠯᠳᠡ ᠨᠢ ᠠᠷᠢᠶᠠᠳᠠᠨ ᠠᠮᠢᠳᠠᠨ ᠤ ᠠᠮᠢᠨ ᠰᠥᠨᠠᠰᠤ ᠶᠢ ᠲᠦᠯᠦᠭᠡᠯᠡᠳᠡᠭ ᠪᠥᠭᠡᠳ ᠠᠩ ᠤᠨ ᠲᠡᠭᠷᠢ ᠠᠴᠠ ᠢᠪᠡᠭᠡᠨ ᠰᠤᠶᠤᠷᠬᠠᠭᠰᠠᠨ ᠭᠡᠰᠢᠭ ᠭᠡᠵᠤ ᠦᠵᠡᠳᠡᠭ ᠪᠤᠯᠬᠤᠷ᠂ ᠠᠩᠨᠠᠵᠤ ᠠᠯᠠᠭᠰᠠᠨ ᠠᠷᠢᠶᠠᠳᠠᠨ ᠠᠮᠢᠳᠠᠨ ᠤ ᠵᠥᠯᠳᠡ ᠶᠢ ᠪᠤᠰᠤᠳ ᠲᠤ ᠥᠭᠪᠠᠯ ᠭᠡᠰᠢᠭ ᠪᠤᠶᠠᠨ ᠵᠠᠶᠢᠯᠠᠵᠤ᠂ ᠭᠡᠶᠢᠮᠥᠷᠢ ᠰᠥᠯᠳᠠ ᠪᠠᠭᠤᠷᠠᠬᠤ ᠠᠴᠠ ᠠᠶᠤᠵᠤ ᠰᠥᠷᠳᠡᠭᠰᠡᠨ ᠰᠠᠳᠭᠢᠯᠭᠡ ᠪᠠᠷ ᠥᠪᠡᠷᠳᠡᠭᠡᠨ ᠥᠯᠡᠳᠡᠭᠡᠳᠡᠭ ᠪᠠᠶᠢᠬᠰᠠᠨ ᠢ ᠲᠠᠥᠭᠡ ᠰᠤᠷᠪᠤᠯᠵᠢ ᠳᠤ ᠲᠠᠮᠳᠡᠭᠯᠡᠭᠰᠡᠨ ᠪᠥᠭᠡᠳ ᠵᠠᠩ ᠥᠢᠯᠨ ᠶᠢᠨ ᠤᠯᠠᠮᠵᠢᠯᠠᠯ ᠳᠤ ᠪᠤᠳᠠᠳᠤ ᠲᠤᠰᠬᠠᠯ ᠢᠶᠠᠨ ᠤᠯᠵᠠᠢ᠃ ᠲᠤᠬᠠᠢᠢᠯᠠᠪᠠᠯ᠂ 《 ᠮᠤᠩᠭᠤᠯ ᠤᠨ ᠨᠢᠭᠤᠴᠠ ᠲᠤᠪᠴᠢᠶᠠᠨ》 ᠳᠤ᠂ ᠲᠤᠪᠤᠨ ᠮᠠᠷᠭᠡᠨ ᠠᠩ ᠳᠤ ᠶᠠᠪᠤᠵᠤ᠂ ᠴᠥᠭᠦ ᠪᠤᠭᠤ ᠠᠯᠠᠭᠰᠠᠨ ᠤᠷᠢᠶᠠᠩᠬᠠᠳᠠᠢ ᠭᠥᠮᠥᠨ ᠲᠠᠢ ᠲᠠᠭᠠᠷᠠᠯᠳᠤᠵᠤ᠂ ᠪᠤᠭᠤ ᠶᠢᠨ ᠮᠢᠬ᠎ᠠ ᠠᠴᠠ ᠠᠪᠬᠤ ᠭᠡᠰᠡᠨ ᠳᠤ᠂ ᠤᠷᠢᠶᠠᠩᠬᠠᠳᠠᠢ ᠭᠥᠮᠥᠨ ᠠᠯᠠᠭᠰᠠᠨ ᠴᠥᠭᠦ ᠪᠤᠭᠤ ᠶᠢᠨ ᠵᠥᠯᠳᠡ ᠶᠢ ᠥᠪᠡᠷᠳᠡᠭᠡᠨ ᠥᠯᠡᠳᠡᠭᠡᠵᠥ᠂ ᠮᠢᠬ᠎ᠠ ᠶᠢ ᠨᠢ ᠲᠤᠪᠤᠨ ᠮᠠᠷᠭᠡᠨ ᠳᠤ ᠥᠭᠭᠦᠭᠰᠡᠨ ᠢ ᠲᠠᠮᠳᠡᠭᠯᠡᠵᠤ ᠪᠤᠢ᠃ ᠮᠤᠩᠭᠤᠯᠴᠤᠳ ᠠᠩ ᠤᠨ ᠤᠯᠵᠠ ᠠᠴᠠ ᠪᠤᠰᠤᠳ ᠲᠤ ᠥᠭᠭᠦ ᠳᠤ ᠪᠠᠨ ᠵᠥᠯᠳᠡ ᠶᠢ ᠨᠢ ᠥᠯᠡᠳᠡᠭᠡᠭᠦ ᠠᠴᠠ ᠭᠠᠳᠠᠨ᠎ᠠ᠂ ᠤᠯᠠᠨ ᠭᠥᠮᠥᠨ ᠤᠷᠤᠯᠴᠠᠭᠰᠠᠨ ᠭᠥᠷᠢᠶ᠎ᠠ ᠠᠪᠠ ᠳᠤ ᠠᠪᠠ ᠶᠢᠨ ᠭᠠᠨᠵᠤᠭ᠎ᠠ ᠬᠤᠪᠢᠶᠠᠬᠤ ᠳᠤ ᠪᠠᠨ ᠠᠩᠨᠠᠵᠤ ᠠᠯᠠᠭᠰᠠᠨ ᠭᠥᠮᠥᠨ ᠳᠤ ᠠᠷᠢᠶᠠᠳᠠᠨ ᠠᠮᠢᠳᠠᠨ ᠤ ᠵᠥᠯᠳᠡ ᠶᠢ ᠨᠢ ᠥᠭᠭᠦ ᠵᠠᠩᠰᠢᠯ ᠲᠥᠭᠡᠮᠡᠯ ᠤᠯᠠᠮᠵᠢᠯᠠᠭᠳᠠᠭᠰᠠᠭᠠᠷ ᠢᠷᠠᠵᠠᠢ᠃ ᠲᠤᠬᠠᠢᠢᠯᠠᠪᠠᠯ᠂ ᠭᠥᠷᠢᠶ᠎ᠠ ᠠᠪᠠ ᠬᠠᠭᠠᠵᠤ᠂ ᠠᠪᠠ ᠶᠢᠨ ᠭᠠᠨᠵᠤᠭ᠎ᠠ ᠬᠤᠪᠢᠶᠠᠬᠤ ᠳᠤ ᠪᠠᠨ ᠠᠷᠢᠶᠠᠳᠠᠨ ᠠᠮᠢᠳᠠᠨ ᠢ ᠠᠯᠠᠭᠰᠠᠨ ᠭᠥᠮᠥᠨ ᠳᠤ ᠵᠥᠯᠳᠡ ᠶᠢ ᠨᠢ ᠥᠭᠴᠤ᠂ ᠮᠢᠬ᠎ᠠ ᠶᠢ ᠨᠢ ᠤᠯᠠᠨ ᠳᠤ ᠬᠤᠪᠢᠶᠠᠳᠠᠭ᠃ ᠭᠡᠷᠪᠠ ᠬᠤᠶᠠᠷ ᠭᠥᠮᠥᠨ ᠵᠠᠷᠭᠡᠪᠠᠷ ᠬᠠᠷᠪᠤᠵᠤ ᠤᠨᠤᠭᠰᠠᠨ ᠪᠤᠯ᠂ ᠬᠠᠷᠪᠤᠭᠳᠠᠭᠰᠠᠨ ᠠᠮᠢᠳᠠᠨ ᠢ ᠨᠠᠯᠢᠶᠠᠳ ᠵᠠᠶᠢᠳᠠᠢ ᠭᠠᠵᠠᠷ ᠲᠠᠯᠪᠢᠭᠠᠳ᠂ ᠬᠤᠶᠠᠷ ᠭᠥᠮᠥᠨ ᠢ ᠲᠠᠭᠢᠵᠤ ᠬᠠᠷᠪᠤᠭᠤᠯᠳᠠᠭ᠃ ᠲᠠᠭᠢᠵᠥ ᠬᠠᠷᠪᠤᠬᠤ ᠳᠤ ᠭᠡᠨ ᠦ ᠬᠢᠨᠢ ᠤᠨᠤᠪᠠᠯ ᠲᠡᠭᠦᠨ ᠳᠤ ᠥᠭᠴᠤ᠂ ᠬᠤᠶᠠᠭᠤᠯᠠ ᠪᠠᠨ ᠤᠨᠤᠭᠰᠠᠨ ᠪᠤᠶᠤ ᠤᠨᠤᠭᠠᠭᠰᠠᠨ ᠥᠭᠡᠢ ᠲᠤᠭᠢᠶᠠᠯᠳᠤᠯ ᠳᠤ᠂ ᠲᠠᠰᠤᠯᠤᠨ ᠰᠢᠢᠳᠪᠤᠷᠢᠯᠡᠭᠰᠡᠨ ᠭᠥᠮᠥᠨ ᠠᠪᠳᠠᠭ ᠪᠠᠶᠢᠨ᠎ᠠ᠃