ᠵᠤᠬᠢᠶᠠᠭᠴᠢ: ᠴᠠᠭ:2020-03-27 ᠥᠵᠡᠭᠰᠡᠨ : ᠢᠷᠡᠯᠲᠡ:
ᠲᠤᠭᠠᠨ ᠤ ᠪᠡᠯᠭᠡᠳᠠᠯ

ᠲᠤᠭ᠎ᠠ ᠨᠢ ᠭᠥᠮᠥᠨ ᠲᠥᠷᠥᠯᠭᠢᠳᠠᠨ ᠤ ᠠᠮᠢᠳᠤᠷᠠᠯ ᠲᠤᠮᠳᠠ ᠭᠡᠮ ᠭᠡᠮᠵᠢᠶ᠎ᠠ ᠶᠢ ᠢᠯᠠᠳᠭᠡᠵᠥ᠂ ᠥᠢᠯᠠᠳᠪᠤᠷᠢᠯᠡᠯ ᠠᠵᠢᠯᠯᠠᠭᠠᠨ ᠳᠤ ᠨᠢ ᠥᠢᠯᠠᠴᠢᠯᠡᠭᠰᠡᠨ ᠢᠶᠠᠷ ᠪᠠᠷᠠᠬᠤ ᠥᠭᠡᠢ᠂ ᠪᠡᠯᠭᠡᠳᠠᠯ ᠤᠨ ᠥᠢᠯᠠᠭᠠᠯᠳᠠ ᠪᠠᠷ ᠤᠬᠠᠭᠠᠷᠠᠭᠳᠠᠵᠤ᠂ ᠭᠥᠮᠥᠰ ᠤᠨ ᠤᠶᠤᠨ ᠰᠠᠨᠠᠭᠠᠨ ᠳᠤ ᠶᠡᠭᠡᠭᠡᠨ ᠨᠥᠯᠥᠭᠡᠯᠡᠯ ᠥᠵᠡᠭᠦᠯᠥᠭᠰᠡᠭᠡᠷ ᠢᠷᠡᠭᠰᠡᠨ ᠶᠤᠮ᠃ ᠮᠤᠩᠭᠤᠯᠴᠤᠳ ᠲᠤᠭ᠎ᠠ ᠲᠤᠭᠠᠯᠠᠯ ᠢ ᠵᠥᠩ ᠪᠡᠯᠭᠡᠳᠠᠯ ᠤᠨ ᠡᠭᠦᠳᠠᠨ ᠠᠴᠠ ᠤᠬᠠᠭᠠᠷᠠᠨ ᠤᠢᠢᠯᠠᠭᠠᠵᠤ᠂ ᠲᠤᠭ᠎ᠠ ᠶᠢ ᠪᠡᠯᠭᠡ ᠢᠷᠸ᠎ᠠ ᠶᠢᠨ ᠰᠢᠨᠵᠢ ᠲᠠᠢ ᠪᠤᠯᠭᠠᠭᠠᠳ᠂ ᠠᠮᠢᠳᠤᠷᠠᠯ ᠥᠢᠯᠠᠳᠪᠤᠷᠢᠯᠠᠯ ᠤᠨ ᠠᠵᠢᠯᠯᠠᠭᠠᠨ ᠤ ᠲᠤᠮᠳᠠ ᠪᠠᠨ ᠤᠨᠴᠠᠯᠠᠨ ᠠᠩᠬᠠᠷᠳᠠᠭ ᠤᠯᠠᠮᠵᠢᠯᠠᠯ  ᠠᠯᠢ ᠡᠷᠳᠠᠨ ᠠᠴᠠ ᠤᠯᠠᠮᠵᠢᠯᠠᠭᠳᠠᠵᠤ᠂ ᠥᠨᠥ ᠪᠤᠯᠳᠠᠯ᠎ᠠ ᠬᠠᠳᠠᠭᠠᠯᠠᠭᠳᠠᠭᠰᠠᠭᠠᠷ ᠪᠠᠶᠢᠨ᠎ᠠ᠃ ᠮᠤᠩᠭᠤᠯᠴᠤᠳ ᠤᠨ ᠲᠤᠭᠠᠨ ᠤ ᠪᠡᠯᠭᠡᠳᠠᠯ ᠤᠨ ᠲᠤᠬᠠᠢ ᠰ᠊ ᠂ ᠲᠤᠯᠮ᠎ᠠ ᠰᠢᠰᠲ᠋ᠧᠮᠳᠤ ᠰᠤᠳᠤᠯᠭ᠎ᠠ ᠭᠢᠵᠥ᠂ ᠮᠤᠩᠭᠤᠯᠴᠤᠳ ᠤᠨ ᠰᠤᠶᠤᠯ ᠢᠷᠭᠡᠨᠰᠢᠯ ᠤᠨ ᠤᠨᠴᠠᠯᠢᠭ᠂ ᠰᠠᠳᠭᠢᠯᠭᠡᠨ ᠤ ᠥᠪᠡᠷᠮᠢᠴᠠ ᠪᠠᠶᠢᠳᠠᠯ᠂ ᠡᠷᠳᠠᠨ ᠤ ᠲᠤᠮᠤᠭ ᠵᠥᠢ᠂ ᠠᠷᠠᠳ ᠤᠨ ᠪᠢᠯᠢᠭ᠂ ᠪᠥᠭᠡ ᠰᠢᠳᠥᠯᠭᠡ᠂ ᠲᠠᠭᠢᠯᠭ᠎ᠠ ᠲᠠᠶᠢᠯᠭ᠎ᠠ ᠶᠢᠨ ᠰᠤᠶᠤᠯ ᠳᠤ ᠡᠭᠦᠰᠴᠤ ᠪᠥᠷᠢᠯᠳᠥᠭᠰᠡᠨ ᠲᠤᠭᠠᠨ ᠤ ᠪᠡᠯᠭᠡᠳᠠᠯ ᠢ ᠲᠤᠳᠤᠷᠬᠠᠢᠢᠯᠠᠭᠰᠠᠨ ᠪᠠᠶᠢᠳᠠᠭ᠃ ᠡᠭᠦᠨ ᠳᠤ᠂ ᠨᠢᠭᠡ ᠶᠢᠨ ᠲᠤᠭ᠎ᠠ᠂ ᠬᠤᠶᠠᠷ ᠎ ᠤᠨ ᠲᠤᠭ᠎ᠠ᠂ ᠭᠤᠷᠪᠠ ᠶᠢᠨ ᠲᠤᠭ᠎ᠠ᠂ ᠲᠥᠷᠪᠡ ᠶᠢᠨ ᠲᠤᠭ᠎ᠠ᠂ ᠲᠠᠪᠤ ᠶᠢᠨ ᠲᠤᠭ᠎ᠠ᠂ ᠲᠤᠯᠤᠭ᠎ᠠ ᠶᠢᠨ ᠲᠤᠭ᠎ᠠ᠂ ᠨᠠᠢᠮᠠ ᠶᠢᠨ ᠲᠤᠭ᠎ᠠ᠂ ᠶᠢᠰᠤ ᠶᠢᠨ ᠲᠤᠭ᠎ᠠ᠂ ᠠᠷᠪᠠᠨ ᠨᠢᠭᠡ ᠶᠢᠨ ᠲᠤᠭ᠎ᠠ᠂ ᠠᠷᠪᠠᠨ ᠬᠤᠶᠠᠷ ᠤᠨ ᠲᠤᠭ᠎ᠠ᠂ ᠠᠷᠪᠠᠨ ᠭᠤᠷᠪᠠ ᠶᠢᠨ ᠲᠤᠭ᠎ᠠ ᠪᠤᠯᠤᠨ ᠵᠠᠷᠢᠮ ᠲᠤᠭᠠᠨ ᠤ ᠤᠯᠠᠰᠢᠷᠠᠭᠤᠯᠭ᠎ᠠ ᠥᠷᠡᠵᠢᠭᠦᠯᠭᠡ ᠶᠢᠨ ᠪᠡᠯᠭᠡᠳᠠᠯ ᠤᠳᠬ᠎ᠠ ᠶᠢ ᠰᠢᠨᠵᠢᠯᠠᠵᠠᠢ᠃ ᠲᠤᠬᠠᠢᠢᠯᠠᠪᠠᠯ᠄

ᠨᠢᠭᠡ ᠶᠢᠨ ᠲᠤᠭᠠᠨ ᠤ ᠵᠥᠪᠭᠡᠨ ᠥᠭᠡᠰ ᠤᠨ ᠰᠠᠩ ᠤᠨ ᠤᠳᠬ᠎ᠠ ᠨᠢ ᠨᠢᠭᠡᠳᠤᠨ ᠨᠢᠭᠳᠠᠷᠠᠬᠤ ᠶᠢᠨ ᠢᠳᠠ ᠬᠠᠪᠤ᠂ ᠠᠩᠭᠢᠳᠠ ᠰᠠᠯᠤᠩᠭᠢ ᠶᠢᠨ ᠮᠠᠭᠦᠰᠳᠡᠯ᠂ ᠪᠠᠶ᠎ᠠ ᠰᠠᠳᠭᠢᠯ ᠤᠨ ᠵᠤᠪᠠᠯᠠᠩ᠂ ᠥᠨᠠᠮᠯᠡᠭᠦᠢ ᠬᠤᠤᠰᠯᠠᠯ ᠪᠤᠯᠤᠨ ᠭᠥᠮᠥᠨ᠂ ᠠᠮᠢᠳᠠᠨ᠂ ᠤᠷᠭᠤᠮᠠᠯ ᠤᠨ ᠲᠡᠭᠡᠳᠤ ᠪᠠᠶ᠎ᠠ ᠶᠢ ᠲᠠᠮᠳᠡᠭᠯᠡᠭᠰᠡᠨ ᠤᠯᠠᠨ ᠥᠡᠭᠭᠡ ᠠᠶᠠᠰ ᠲᠠᠢ ᠪᠠᠷ ᠴᠤᠯ ᠪᠠᠳᠤ ᠨᠢᠭᠡᠳᠤᠯ᠂ ᠭᠠᠭᠴᠠᠭᠠᠷᠳᠠᠯ ᠲᠤᠷᠦ᠋ᠢᠳᠠᠯ ᠢ ᠲᠠᠮᠳᠡᠭᠯᠡᠭᠦ ᠠᠴᠠ ᠡᠭᠢᠯᠡᠨ ᠨᠢᠭᠡ ᠠᠴᠠ ᠤᠯᠠᠨ᠂ ᠤᠯᠠᠨ ᠠᠴᠠ ᠠᠷᠪᠠᠳᠤ ᠨᠤᠭᠤᠳ ᠡᠭᠦᠰᠭᠦ ᠤᠴᠢᠷ ᠵᠥᠢ᠂ ᠲᠡᠭᠰᠢ ᠰᠤᠨᠳᠤᠭᠤᠢ ᠶᠢᠨ ᠴᠠᠭᠠᠳᠤ ᠤᠳᠬ᠎ᠠ᠂ ᠪᠡᠯᠭᠡᠳᠠᠯ ᠤᠨ ᠨᠢᠭᠤᠴᠠ ᠵᠥᠪᠭᠡᠨ ᠨᠢᠭᠡ ᠲᠠᠢ ᠬᠤᠯᠪᠤᠭ᠎ᠠ ᠲᠠᠢ ᠠᠵᠢ᠃

ᠬᠤᠶᠠᠷ ᠤᠨ ᠲᠤᠭ᠎ᠠ ᠨᠢ ᠠᠷᠭ᠎ᠠ ᠪᠢᠯᠢᠭ ᠬᠤᠶᠠᠷ ᠪᠤᠶᠤ ᠡᠰᠡᠷᠭᠦ ᠲᠠᠰᠠᠷᠭᠦ ᠶᠢᠨ ᠨᠢᠭᠡᠳᠤᠯ᠂ ᠢᠵᠢᠯᠢ ᠬᠤᠤᠰ ᠎ ᠤᠨ ᠤᠳᠬ᠎ᠠ᠂ ᠭᠥᠴᠥᠨ ᠪᠥᠯᠢ ᠶᠢᠨ ᠰᠠᠨᠠᠭ᠎ᠠ᠂ ᠢᠯᠡᠭᠦᠴᠠ ᠤᠯᠠᠨ ᠤ ᠪᠤᠶᠤ ᠰᠠᠯᠤᠩᠭᠢᠳᠠ ᠴᠠᠯᠠᠭᠠᠢ ᠶᠢᠨ ᠮᠡᠭᠦᠰᠳᠡᠯ᠂ ᠡᠰᠡᠪᠠᠯ ᠪᠠᠶᠢᠭᠠᠯᠢ ᠶᠢᠨ ᠵᠢᠮ᠎ᠠ ᠠᠴᠠ ᠵᠠᠶᠠᠭᠠᠮᠠᠯ ᠨᠢᠭᠡ ᠤᠷᠭᠤᠯᠢ ᠶᠢᠨ ᠠᠴᠠ ᠰᠠᠯᠠᠭ᠎ᠠ ᠶᠠᠭᠤᠮ᠎ᠠ ᠭᠡᠰᠡᠨ ᠤᠯᠠᠨ ᠥᠡᠭᠭᠡ ᠠᠶᠠᠰ ᠢᠯᠠᠷᠭᠡᠶᠢᠯᠠᠳᠡᠭ ᠪᠠᠶᠢᠨ᠎ᠠ᠃ ᠨᠥᠭᠦᠭᠡᠳᠡᠭᠡᠭᠦᠷ ᠬᠤᠶᠠᠷ ᠤᠨ ᠲᠤᠭ᠎ᠠ ᠨᠢ ᠮᠤᠩᠭᠤᠯ ᠲᠤᠭᠠᠨ ᠤ ᠪᠡᠯᠭᠡᠳᠠᠯ ᠤᠨ ᠴᠤᠭᠴᠠᠯᠠᠪᠤᠷᠢ ᠳᠤ 《ᠡᠨᠡ ᠶᠢᠷᠳᠢᠨᠴᠤ》 ᠶᠢ ᠪᠡᠯᠭᠡᠳᠡᠭᠴᠢ ᠲᠡᠭᠰᠢ ᠲᠤᠭᠠᠨ ᠤ ᠲᠡᠩᠭᠡᠯᠢᠭ ᠢ ᠡᠭᠦᠰᠭᠡᠳᠡᠭ᠃

ᠭᠤᠷᠪᠠ ᠶᠢᠨ ᠲᠤᠭ᠎ᠠ ᠪᠤᠯ ᠰᠠᠪᠠ ᠰᠢᠮ᠎ᠠ ᠶᠢᠨ ᠪᠤᠯᠤᠨ ᠨᠠᠶᠢᠭᠡᠮ ᠤᠨ ᠥᠵᠡᠭᠳᠠᠯ ᠤᠨ ᠤᠯᠠᠨ ᠤᠳᠬ᠎ᠠ ᠠᠶᠠᠰ ᠎ ᠲᠠᠢ ᠢᠯᠠᠳᠭᠡᠭᠴᠢ᠂ ᠤᠯᠠᠨ ᠢ ᠲᠥᠯᠥᠭᠡᠯᠡᠭᠰᠡᠨ ᠬᠠᠮᠤᠭ ᠠᠩᠬᠠᠨ ᠤ ᠰᠤᠨᠳᠤᠭᠤᠢ ᠲᠤᠭ᠎ᠠ ᠤᠴᠢᠷ ᠠᠴᠠ ᠢᠮᠠᠭᠳᠠ ᠥᠯᠥ ᠲᠡᠭᠰᠢᠷᠠᠵᠤ᠂ ᠴᠢᠨᠠᠭᠰᠢᠯᠠᠨ ᠤᠯᠠᠰᠢᠷᠠᠵᠤ ᠪᠠᠶᠢᠬᠤ ᠶᠢᠨ ᠤᠴᠢᠷ ᠤᠳᠬ᠎ᠠ ᠶᠢ ᠠᠭᠤᠯᠳᠠᠭ᠃

ᠲᠥᠷᠪᠡ ᠶᠢᠨ ᠲᠤᠭ᠎ᠠ ᠪᠤᠯ ᠶᠢᠷᠳᠢᠨᠴᠤ ᠶᠢᠨ ᠬᠠᠪᠳᠠᠭᠠᠢ ᠵᠠᠭᠪᠤᠷ᠂ ᠬᠠᠮ ᠴᠠᠭ ᠪᠤᠶᠤ ᠵᠢᠯ ᠤᠨ ᠲᠥᠷᠪᠡᠨ ᠤᠯᠠᠷᠢᠯ᠂ ᠶᠢᠷᠳᠢᠨᠴᠤ ᠶᠢᠨ ᠲᠥᠷᠪᠡᠨ ᠵᠥᠭ᠂ ᠲᠥᠷᠪᠡᠨ ᠴᠢᠭ ᠶᠤᠮ᠃ ᠭᠤᠷᠪᠠ᠂ ᠲᠥᠷᠪᠡ ᠶᠢᠨ ᠨᠠᠶᠢᠯᠠᠪᠤᠷᠢ ᠨᠢ 《ᠰᠢᠳᠢᠳᠤ ᠲᠤᠯᠤᠭ᠎ᠠ》 ᠪᠤᠯᠳᠠᠭ᠃

ᠲᠠᠪᠤ ᠶᠢᠨ ᠲᠤᠭᠠᠨ ᠤ ᠪᠡᠯᠭᠡᠳᠠᠯ ᠨᠢ ᠶᠢᠷᠳᠢᠨᠴᠤ ᠶᠢᠨ ᠲᠤᠳᠤᠭᠠᠳᠤ ᠪᠥᠳᠥᠴᠠ ᠶᠢ ᠪᠡᠯᠭᠡᠳᠡᠭᠦ ᠭᠢᠭᠡᠳ ᠭᠥᠴᠥᠨ ᠴᠢᠳᠠᠯ ᠤᠨ ᠪᠡᠯᠭᠡᠳᠠᠯ ᠪᠤᠯᠳᠠᠭ᠃ ᠲᠤᠭᠠᠨ ᠤ ᠪᠡᠯᠭᠡᠳᠠᠯ ᠤᠨ ᠴᠤᠭᠴᠠᠯᠠᠪᠤᠷᠢ ᠳᠤ ᠲᠠᠪᠤ ᠶᠢᠨ ᠲᠤᠭ᠎ᠠ ᠨᠢ ᠪᠤᠰᠤᠭ᠎ᠠ ᠭᠡᠪᠳᠡᠭᠡ ᠲᠡᠩᠭᠡᠯᠢᠭ ᠤᠨ ᠠᠭᠤᠯᠵᠠᠪᠤᠷᠢ ᠪᠤᠯᠳᠠᠭ ᠨᠢ ᠠᠩᠬᠠᠨ ᠤ ᠲᠡᠭᠰᠢ ᠲᠤᠭ᠎ᠠ — ᠬᠤᠶᠠᠷ᠂ ᠠᠩᠬᠠᠨ ᠤ ᠰᠤᠨᠳᠤᠭᠤᠢ ᠲᠤᠭ᠎ᠠ — ᠭᠤᠷᠪᠠ ᠶᠢᠨ ᠨᠠᠶᠢᠯᠠᠪᠤᠷᠢ ᠪᠤᠯᠳᠠᠭ ᠠᠴᠠ ᠪᠤᠯᠤᠨ᠎ᠠ᠃

ᠮᠤᠩᠭᠤᠯᠴᠤᠳ ᠲᠤᠯᠤᠭ᠎ᠠ᠂ ᠲᠠᠯᠠ᠂ ᠲᠠᠯᠠᠨ ᠲᠤᠯᠤᠭ᠎ᠠ ᠪᠠᠷ ᠭᠠᠵᠠᠷ ᠭᠢᠭᠡᠳ ᠭᠠᠵᠠᠷ ᠲᠤᠤᠷᠠᠭᠢ ᠶᠢᠷᠳᠢᠨᠴᠤ ᠎ ᠶᠢ ᠪᠡᠯᠭᠡᠳᠠᠳᠡᠭ᠃ ᠤᠷᠤᠨ ᠵᠠᠢ ᠶᠢ ᠥᠯᠥ ᠭᠡᠳᠥᠯᠭᠦ ᠶᠢᠨ ᠤᠳᠬ᠎ᠠ ᠪᠠᠷ ᠲᠤᠯᠤᠭ᠎ᠠ ᠪᠠᠷ ᠪᠡᠯᠭᠡᠳᠡᠭᠦ᠂ ᠴᠠᠭ ᠬᠤᠭᠤᠴᠠᠭ᠎ᠠ ᠶᠢᠨ ᠲᠤᠭᠰᠢᠨ ᠬᠠᠳᠠᠭᠤ ᠥᠢᠯᠨ ᠶᠢᠨ ᠤᠳᠬ᠎ᠠ ᠪᠠᠷ ᠲᠤᠯᠤᠭ᠎ᠠ ᠪᠠᠷ ᠴᠠᠭᠯᠠᠬᠤ ᠶᠤᠰᠤ ᠮᠤᠩᠭᠤᠯ ᠠᠷᠠᠳ ᠤᠨ ᠪᠢᠯᠢᠭ᠂ ᠠᠮᠠᠨ ᠵᠤᠭᠢᠶᠠᠯ ᠳᠤ ᠪᠠᠶᠢᠳᠠᠭ᠃ ᠨᠥᠭᠦᠭᠡᠳᠡᠭᠡᠭᠦᠷ ᠮᠤᠩᠭᠤᠯ ᠲᠤᠮᠤᠭ ᠵᠥᠢ ᠳᠤ ᠲᠤᠯᠤᠭᠠᠨ ᠲᠤᠭᠠᠳᠤ ᠭᠠᠷᠠᠭ ᠡᠷᠭᠡᠰ ᠢᠶᠠᠷ ᠪᠠᠶᠢᠭᠠᠯᠢ ᠶᠢᠨ ᠰᠥᠷ ᠭᠥᠴᠥᠨ᠂ ᠭᠠᠢ ᠭᠠᠮᠰᠢᠭ ᠢ ᠲᠥᠷᠰᠥᠯᠡᠳᠡᠭ ᠨᠢ ᠲᠤᠯᠤᠭ᠎ᠠ ᠎ ᠶᠢᠨ ᠲᠤᠭ᠎ᠠ ᠥᠭᠦᠯ ᠮᠥᠭᠦᠯ᠂ ᠤᠷᠤᠭᠤᠳᠠᠵᠤ ᠲᠤᠷᠦ᠋ᠢᠳᠠᠬᠤ ᠶᠢ ᠪᠡᠯᠭᠡᠳᠡᠳᠡᠭ ᠤᠨ ᠵᠢᠱᠢᠶ᠎ᠠ ᠶᠤᠮ᠃ ᠮᠤᠩᠭᠤᠯ ᠲᠤᠤᠯᠢ ᠳᠤ ᠲᠠᠯᠠ ᠪᠠᠷ ᠭᠠᠵᠠᠷ ᠲᠡᠯᠡᠭᠡᠢ᠂ ᠠᠭᠤᠯᠠ ᠤᠰᠤ᠂ ᠤᠷᠭᠤᠮᠠᠯ ᠠᠮᠢᠳᠠᠨ ᠤ ᠪᠠᠶᠠᠨ ᠲᠠᠩᠰᠤᠭ ᠢ ᠢᠯᠠᠳᠭᠡᠵᠥ᠂ ᠲᠠᠯᠠᠨ ᠨᠠᠢᠮᠠ ᠪᠠᠷ ᠤᠷᠤᠨ ᠵᠠᠢ ᠶᠢ ᠡᠵᠡᠯᠡᠭᠦ ᠶᠢᠨ ᠤᠳᠬ᠎ᠠ ᠶᠢ ᠲᠤᠰ ᠲᠤᠰ ᠢᠯᠠᠷᠭᠡᠶᠢᠯᠡᠳᠡᠭ ᠥᠪᠡᠷᠮᠢᠴᠠ ᠤᠨᠴᠠᠯᠢᠭ ᠲᠠᠢ᠃

ᠨᠠᠢᠮᠠ ᠶᠢᠨ ᠲᠤᠭ᠎ᠠ ᠨᠢ ᠲᠤᠯᠤᠭ᠎ᠠ ᠶᠢᠨ ᠲᠤᠭ᠎ᠠ ᠶᠢᠨ ᠡᠰᠡᠷᠭᠦ ᠪᠤᠶᠤ ᠭᠠᠵᠠᠷ ᠲᠡᠭᠡᠷᠡᠭᠢ ᠨᠠᠷᠠᠳᠤ ᠶᠢᠷᠳᠢᠨᠴᠤ᠂ ᠨᠠᠷᠠᠨ ᠡᠷᠭᠡᠰ᠂ ᠬᠠᠯᠠᠭᠤᠨ ᠲᠤᠯᠠᠭᠠᠨ ᠤᠯᠠᠷᠢᠯ᠂ ᠭᠡᠷᠡᠯ ᠭᠡᠭᠡ ᠶᠢ ᠪᠡᠯᠭᠡᠳᠠᠵᠤ ᠪᠠᠶᠢᠳᠠᠭ᠃ ᠨᠠᠢᠮᠠ ᠶᠢᠨ ᠲᠤᠭᠠᠨ ᠤ ᠲᠥᠷᠥ ᠶᠤᠰᠤᠨ ᠤ ᠪᠡᠯᠭᠡᠳᠠᠯ ᠤᠳᠬ᠎ᠠ ᠨᠢ ᠵᠢᠷᠭᠠᠯ ᠴᠡᠩᠭᠡᠯ᠂ ᠥᠪ ᠲᠡᠭᠰᠢ ᠠᠮᠢᠳᠤᠷᠠᠯ ᠠᠬᠤᠢ ᠪᠥᠭᠡᠳ ᠪᠠᠰᠠ ᠭᠦ ᠪᠥᠳᠥᠨ ᠡᠳ᠋ ᠡᠷᠭᠡᠳᠠᠨ᠂ ᠪᠥᠷᠢᠨ ᠭᠥᠴᠥ ᠲᠠᠩᠭᠡᠯ ᠢ ᠪᠡᠯᠭᠡᠳᠠᠭᠦ ᠶᠤᠰᠤᠨ ᠪᠤᠢ᠃ ᠨᠠᠢᠮᠠ ᠶᠢᠨ ᠲᠤᠭ᠎ᠠ ᠨᠢ ᠲᠤᠭᠠᠨ ᠎ ᠤ ᠪᠡᠯᠭᠡᠳᠠᠯ ᠤᠨ ᠴᠤᠭᠴᠠᠯᠠᠪᠤᠷᠢ ᠳᠤ ᠶᠢᠷᠳᠢᠨᠴᠤ ᠶᠢᠨ ᠭᠡᠪᠳᠡᠭᠡ ᠲᠠᠩᠭᠡᠯᠢᠭᠳᠦ ᠤᠷᠤᠨ ᠵᠠᠢ ᠶᠢᠨ ᠲᠥᠰᠥᠭᠡᠯᠡᠯ ᠢ ᠢᠯᠠᠳᠭᠡᠳᠡᠭ᠃

ᠮᠤᠩᠭᠤᠯ ᠲᠤᠭᠠᠨ ᠤ ᠪᠡᠯᠭᠡᠳᠠᠯ ᠵᠥᠢ ᠳᠤ ᠶᠢᠰᠤ ᠶᠢᠨ ᠲᠤᠭ᠎ᠠ ᠨᠢ ᠲᠡᠭᠡᠳᠤ ᠲᠡᠭᠷᠢ ᠶᠢᠨ ᠡᠭᠦᠳᠭᠡᠯ ᠢ ᠲᠠᠮᠳᠡᠭᠯᠡᠭᠦ ᠪᠥᠭᠡᠳ ᠡᠷᠳᠠᠮ ᠴᠢᠳᠠᠯ᠂ ᠢᠳᠠ ᠬᠠᠪᠤ ᠭᠡᠰᠡᠨ ᠤᠳᠬ᠎ᠠ ᠶᠢ ᠢᠯᠠᠳᠭᠡᠳᠡᠭ᠃ ᠶᠢᠰᠤ ᠶᠢᠨ ᠲᠤᠭᠠᠨ ᠤ ᠤᠯᠠᠰᠢᠷᠠᠭᠤᠯᠤᠭᠰᠠᠨ ᠬᠤᠪᠢᠯᠪᠤᠷᠢ ᠪᠤᠯᠬᠤ ᠶᠠᠷᠠ ᠶᠢᠰᠤ ᠪᠠᠷ ᠮᠥᠨ ᠬᠦ ᠲᠡᠭᠡᠳᠤ ᠲᠡᠭᠷᠢ᠂ ᠰᠠᠴᠠᠨ ᠮᠠᠷᠭᠡᠨ ᠤᠶᠤᠨ ᠤᠬᠠᠭᠠᠨ᠂ ᠵᠥᠩ ᠪᠡᠯᠭᠡ᠂ ᠤᠷᠤᠨ ᠵᠠᠢ᠂ ᠴᠠᠭ ᠬᠤᠭᠤᠴᠠᠭᠠᠨ ᠤ ᠭᠡᠮᠨᠠᠯ ᠢ ᠪᠡᠯᠭᠡᠳᠡᠳᠡᠭ ᠪᠠᠶᠢᠨ᠎ᠠ᠃ ᠮᠤᠩᠭᠤᠯ ᠲᠤᠭᠠᠨ ᠤ ᠪᠡᠯᠭᠡᠳᠠᠯ ᠵᠥᠢ ᠳᠤ ᠠᠷᠪᠠᠨ ᠨᠢᠭᠡ ᠶᠢᠨ ᠲᠤᠭ᠎ᠠ ᠲᠠᠩ ᠢᠶᠠᠷ ᠢᠶᠠᠨ ᠪᠠᠶ᠎ᠠ ᠪᠠᠨ ᠲᠠᠭᠠᠭᠠᠵᠤ ᠪᠡᠯᠭᠡᠳᠠᠯ ᠤᠳᠬ᠎ᠠ ᠡᠭᠦᠰᠭᠡᠭᠰᠡᠨ ᠨᠢ ᠪᠠᠷᠤᠭ ᠥᠭᠡᠢ ᠠᠳᠠᠯ᠎ᠠ ᠪᠠᠨ ᠶᠠᠭᠡᠨᠭᠭᠢ ᠪᠡᠯᠭᠡᠳᠠᠯᠳᠤ ᠲᠤᠭᠠᠨ ᠤ ᠤᠯᠠᠰᠢᠷᠠᠭᠤᠯᠭ᠎ᠠ᠂ ᠥᠷᠠᠵᠢᠭᠦᠯᠭᠡ ᠶᠢᠨ ᠴᠢᠨᠠᠲᠤ ᠳᠤ ᠤᠷᠤᠰᠢᠵᠤ ᠪᠠᠶᠢᠬᠤ ᠶᠢ ᠠᠩᠵᠠᠭᠠᠷᠠᠯ ᠥᠭᠡᠢ ᠤᠷᠭᠢᠬᠤ ᠠᠷᠭ᠎ᠠ ᠥᠭᠡᠢ᠃ ᠭᠤᠷᠪᠠ — ᠭᠤᠴᠢᠨ ᠭᠤᠷᠪᠠ᠂ ᠲᠥᠷᠪᠡ — ᠲᠥᠴᠢᠨ ᠲᠥᠷᠪᠡ᠂ ᠲᠠᠪᠤ — ᠲᠠᠪᠢᠨ ᠲᠠᠪᠤ᠂ ᠲᠤᠯᠤᠭ᠎ᠠ — ᠲᠠᠯᠠᠨ ᠲᠤᠯᠤᠭ᠎ᠠ᠂ ᠨᠠᠢᠮᠠ — ᠨᠠᠶᠠᠨ ᠨᠠᠢᠮᠠ᠂ ᠶᠢᠰᠤ — ᠶᠠᠷᠠ ᠶᠢᠰᠤ ᠶᠢᠨ ᠴᠢᠨᠠᠳᠤ ᠳᠤ ᠢᠮᠠᠭᠳᠠ ᠠᠷᠪᠠᠨ ᠨᠢᠭᠡ ᠪᠠᠷ ᠥᠷᠠᠵᠢᠭᠦᠯᠥᠭᠰᠡᠨ ᠥᠷᠠᠵᠢᠭᠦᠯᠭᠡ ᠪᠤᠢ ᠶᠢᠨ ᠤᠴᠢᠷ ᠠᠴᠠ ᠠᠷᠪᠠᠨ ᠨᠢᠭᠡ ᠶᠢᠨ 《ᠲᠠᠯᠳᠠ ᠪᠡᠯᠭᠡᠳᠠᠯ》 ᠲᠤᠭ᠎ᠠ ᠪᠠᠶᠢᠨ᠎ᠠ ᠭᠡᠵᠥ ᠥᠵᠠᠵᠤ ᠪᠤᠯᠤᠨ᠎ᠠ᠃ ᠬᠠᠮᠤᠭ ᠤᠨ ᠰᠤᠨᠢᠷᠬᠠᠯᠳᠠᠢ ᠨᠢ ᠡᠨᠡ ᠭᠦ ᠠᠷᠪᠠᠨ ᠨᠢᠭᠡ ᠶᠢᠨ ᠲᠠᠯᠳᠠ ᠪᠡᠯᠭᠡᠳᠠᠯ ᠤᠨ ᠴᠢᠨᠠᠲᠤ ᠳᠤ ᠭᠥᠮᠥᠨ ᠪᠤᠰᠤ ᠎ ᠶᠢᠨ ᠠᠯᠢᠪᠠ ᠭᠥᠴᠥᠨ᠂ ᠭᠠᠵᠠᠷ᠂ ᠲᠡᠭᠷᠢ ᠶᠢᠨ ᠡᠭᠦᠳᠭᠡᠯ 《ᠨᠢᠭᠤᠭᠳᠠᠨ》 ᠪᠤᠢ ᠪᠢᠯᠠ᠃ ᠤᠩᠭᠤᠯ ᠪᠡᠯᠭᠡᠳᠠᠯ ᠵᠥᠢ᠂ ᠵᠢᠷᠤᠬᠠᠢ ᠶᠢᠨ ᠶᠤᠰᠤᠨ᠎ᠠ ᠠᠷᠪᠠᠨ ᠬᠤᠶᠠᠷ ᠪᠤᠯ ᠴᠠᠭ ᠬᠤᠭᠤᠴᠠᠭᠠᠨ ᠤ ᠪᠡᠯᠭᠡᠳᠠᠯ ᠪᠤᠯᠤᠨ᠎ᠠ᠃ ᠠᠷᠪᠠᠨ ᠬᠤᠶᠠᠷ ᠢᠶᠠᠷ ᠡᠰᠡ ᠪᠡᠯᠭᠡᠳᠡᠭᠦ ᠴᠠᠭ ᠤᠨ ᠬᠤᠭᠤᠴᠠᠯ ᠭᠡᠵᠥ ᠨᠢᠭᠡᠭᠡᠨ ᠴᠤ ᠥᠭᠡᠢ᠃ ᠠᠷᠪᠠᠨ ᠬᠤᠶᠠᠷ ᠴᠠᠭ᠂ ᠠᠷᠪᠠᠨ ᠬᠤᠶᠠᠷ ᠰᠠᠷ᠎ᠠ᠂ ᠠᠷᠪᠠᠨ ᠬᠤᠶᠠᠷ ᠪᠤᠶᠤ ᠬᠤᠷᠢᠨ ᠲᠥᠷᠪᠡ᠂ ᠲᠥᠴᠢᠨ ᠨᠠᠢᠮᠠᠨ ᠤᠯᠠᠷᠢᠯ᠂ ᠠᠷᠪᠠᠨ ᠬᠤᠶᠠᠷ ᠵᠢᠯ᠂ ᠲᠡᠭᠦᠨ ᠤ ᠲᠠᠪᠤ ᠲᠠᠭᠢᠨ ᠪᠤᠯᠤᠡᠡᠰᠠᠠ ᠵᠢᠷᠠᠨ ᠤ ᠲᠤᠭᠠᠯᠠᠯ ᠭᠡᠭᠦ ᠵᠠᠷᠭᠡ ᠨᠢ ᠶᠡᠭᠡ ᠪᠠᠭ᠎ᠠ ᠠᠯᠢ ᠴᠤ ᠬᠤᠭᠤᠴᠠᠯ ᠨᠢ ᠡᠨᠡ ᠯᠡ ᠲᠤᠭᠠᠨ ᠳᠤ ᠬᠤᠯᠪᠤᠡᠡᠳᠠᠵᠤ᠂ ᠬᠤᠭᠤᠴᠠᠵᠤ ᠪᠠᠶᠢᠨ᠎ᠠ᠃ ᠴᠤᠬᠤᠮ ᠢᠢᠮᠥ ᠤᠴᠢᠷ ᠠᠴᠠ ᠲᠤᠭᠠᠨ ᠤ ᠲᠠᠩᠭᠡᠯᠢᠭ ᠤᠨ ᠭᠡᠪᠳᠡᠭᠡ ᠲᠠᠩᠭᠡᠯᠢᠭ ᠲᠡᠭᠡᠷ᠎ᠠ ᠲᠥᠷᠪᠡᠨ ᠵᠥᠭ᠂ ᠨᠠᠢᠮᠠᠨ ᠵᠤᠪᠭᠢᠰ ᠤᠨ ᠬᠠᠮᠳᠤ ᠶᠢᠨ ᠤᠷᠤᠨ ᠵᠠᠢ — ᠴᠠᠭ ᠬᠤᠭᠤᠴᠠᠭᠠᠨ ᠤ ᠴᠤᠭᠴᠠᠯᠠᠪᠤᠷᠢ ᠶᠢ ᠡᠭᠦᠰᠭᠡᠨ ᠵᠠᠷᠯᠠᠵᠤ ᠪᠠᠶᠢᠭ᠎ᠠ ᠶᠤᠮ᠃ ᠠᠷᠪᠠᠨ ᠭᠤᠷᠪᠠ ᠨᠢ ᠲᠡᠭᠷᠢ ᠭᠠᠵᠠᠷ ᠤᠨ ᠡᠵᠠᠳ ᠢ ᠪᠠᠶᠠᠰᠬᠠᠬᠤ ᠠᠷᠢᠭᠤᠨ ᠲᠠᠭᠢᠯᠭ᠎ᠠ ᠶᠢᠨ ᠪᠡᠯᠭᠡᠳᠠᠯ᠂ ᠡᠷ᠎ᠠ ᠭᠥᠮᠥᠨ ᠤ ᠪᠠᠶ᠎ᠠ ᠲᠡᠩᠭᠡᠯ ᠤᠨ ᠪᠤᠯᠤᠨ ᠭᠥᠢᠯᠭᠡᠭᠡ ᠤᠬᠠᠭᠠᠨ ᠤ ᠠᠷᠭ᠎ᠠ ᠴᠢᠳᠠᠯ ᠢ ᠪᠡᠯᠭᠡᠳᠡᠭᠦ᠂ ᠬᠤᠷᠢᠮ ᠨᠠᠶᠢᠷ ᠤᠨ ᠭᠥᠨᠳᠤᠳᠭᠡᠯ ᠲᠡᠭᠦᠰ ᠡᠭᠡᠰᠢᠭᠯᠢᠭ ᠢ ᠪᠡᠯᠭᠡᠳᠠᠭᠦ᠂ ᠨᠠᠪᠳᠡᠷᠠᠵᠤ ᠥᠯᠥ ᠪᠤᠯᠬᠤ ᠭᠡᠷᠠᠮ ᠮᠠᠳᠤ ᠡᠶ᠎ᠡ ᠡᠪ ᠢ ᠪᠡᠯᠭᠡᠳᠠᠭᠦ ᠤᠴᠢᠷ ᠤᠳᠬ᠎ᠠ ᠲᠠᠢ ᠪᠠᠶᠢᠳᠠᠭ ᠭᠡᠭᠦ ᠮᠠᠳᠤ ᠪᠠᠷ ᠲᠡᠭᠡᠷ᠎ᠠ ᠲᠤᠷᠠᠳᠤᠭᠰᠠᠨ ᠲᠤᠭ᠎ᠠ ᠨᠤᠭᠤᠳ ᠤᠨ ᠪᠡᠯᠭᠡᠳᠠᠯ ᠤᠳᠬ᠎ᠠ ᠎ ᠶᠢ ᠰᠢᠨᠵᠢᠯᠡᠭᠰᠡᠨ ᠤ ᠬᠠᠮᠳᠤ᠂ ᠲᠡᠭᠰᠢ ᠰᠤᠨᠳᠤᠭᠤᠢ ᠲᠤᠭᠠᠨ ᠤ ᠲᠤᠬᠠᠢ ᠥᠵᠠᠯ ᠨᠢ ᠤᠯᠠᠨ ᠤᠳᠬ᠎ᠠ ᠠᠶᠠᠰ ᠲᠠᠢ ᠪᠠᠶᠢᠨ᠎ᠠ᠃ ᠮᠤᠩᠭᠤᠯᠴᠤᠳ ᠲᠡᠭᠰᠢ ᠲᠤᠭ᠎ᠠ ᠶᠢ 《ᠡᠨᠡ ᠶᠢᠷᠳᠢᠨᠴᠤ ᠶᠢᠨ ᠬᠢ》 ᠭᠡᠮᠡᠨ ᠪᠡᠯᠭᠡᠰᠢᠶᠠᠨ ᠥᠵᠠᠵᠤ᠂ ᠰᠤᠨᠳᠤᠭᠤᠢ ᠲᠤᠭ᠎ᠠ ᠶᠢ 《ᠨᠥᠭᠦᠭᠡ ᠶᠢᠷᠳᠢᠨᠴᠤ ᠶᠢᠨ ᠬᠢ》 ᠭᠡᠮᠡᠨ ᠭᠥᠨᠳᠤᠳᠠ ᠰᠠᠳᠭᠢᠭᠦ ᠶᠤᠰᠤ ᠤᠴᠢᠷ ᠪᠤᠢ ᠭᠡᠮᠡᠨ ᠲᠤᠳᠤᠷᠬᠠᠢᠢᠯᠠᠭᠰᠠᠨ ᠪᠠᠶᠢᠨ᠎ᠠ᠃ ᠮᠤᠩᠭᠤᠯᠴᠤᠳ ᠤᠨ ᠲᠤᠭᠠᠨ ᠤ ᠪᠡᠯᠭᠡᠳᠠᠯ ᠳᠤ ᠵᠠᠷᠢᠮ ᠲᠤᠭ᠎ᠠ ᠢᠳᠡᠪᠭᠢᠳᠠᠢ ᠭᠡᠷᠡᠭᠯᠡᠭᠳᠡᠵᠥ᠂ ᠲᠠᠪᠳᠠᠮᠵᠢ ᠤᠯᠠᠨ ᠪᠥᠭᠡᠳ ᠬᠠᠮᠤᠷᠤᠭᠰᠠᠨ ᠭᠥᠷᠢᠶ᠎ᠠ ᠭᠡᠪᠴᠢᠶ᠎ᠠ ᠴᠤ ᠲᠤᠩ ᠥᠷᠭᠡᠨ ᠪᠠᠶᠢᠳᠠᠭ᠃ ᠲᠠᠷᠠᠴᠢᠯᠠᠨ ᠲᠤᠭᠠᠨ ᠤ ᠪᠡᠯᠭᠡᠳᠠᠯ ᠤᠳᠬ᠎ᠠ ᠨᠢ ᠲᠡᠭᠰᠢ ᠰᠤᠨᠳᠤᠭᠤᠢ᠂ ᠠᠷᠭ᠎ᠠ ᠪᠢᠯᠢᠭ᠂ ᠤᠯᠠᠨ ᠴᠥᠭᠡᠨ᠂ ᠮᠡᠭᠦᠰ ᠲᠡᠭᠦᠰ᠂ ᠡᠭᠢᠯᠡᠯ ᠥᠷᠭᠦᠯᠵᠢᠯᠡᠯ᠂ ᠥᠷᠠᠵᠢᠭᠦᠯᠤᠯ ᠤᠯᠠᠰᠢᠷᠠᠯ ᠤᠨ ᠠᠳᠠᠯᠢ ᠪᠤᠰᠤ ᠤᠯᠠᠨ ᠤᠳᠬ᠎ᠠ ᠪᠠᠷ ᠥᠷᠭᠡᠵᠢᠵᠥ᠂ ᠪᠠᠶᠢᠭᠠᠯᠢ ᠲᠠᠯᠡᠭᠡᠢ᠂ ᠭᠥᠮᠥᠨ ᠠᠮᠢᠳᠠᠨ᠂ ᠪᠠᠶ᠎ᠠ ᠡᠷᠭᠡᠳᠠᠨ᠂ ᠨᠠᠰᠤ ᠵᠢᠯ᠂ ᠡᠳ᠋ ᠭᠡᠷᠡᠭᠰᠡᠯ᠂ ᠤᠷᠤᠨ ᠵᠠᠢ᠂ ᠴᠠᠭ ᠬᠤᠭᠤᠴᠠᠭ᠎ᠠ᠂ ᠥᠢᠯᠨ ᠭᠥᠳᠡᠯᠭᠡᠭᠡᠨ᠂ ᠤᠶᠤᠨ ᠰᠠᠨᠠᠭ᠎ᠠ ᠵᠠᠷᠭᠡ ᠠᠮᠢᠳᠤᠷᠠᠯ ᠠᠵᠢᠯᠯᠠᠭᠠᠨ ᠤ ᠡᠯ᠎ᠠ ᠭᠥᠷᠢᠶ᠎ᠠ ᠴᠠᠷᠠᠭ᠎ᠠ ᠳᠤ ᠨᠠᠪᠳᠡᠷᠡᠭᠰᠡᠨ ᠤᠨᠴᠠᠯᠢᠭ ᠲᠠᠢ ᠶᠤᠮ᠃


   :                    
   :           
备案序号:蒙ICP备05003250号 公安备案15010502000173