ᠵᠤᠬᠢᠶᠠᠭᠴᠢ:
ᠴᠠᠭ:2020-03-07
ᠥᠵᠡᠭᠰᠡᠨ : ℃
ᠢᠷᠡᠯᠲᠡ:
ᠥᠪᠥᠷ ᠮᠣᠩᠭᠣᠯ ᠤᠨ ᠪᠠᠶᠢᠭᠠᠯᠢ ᠶᠢᠨ ᠬᠤᠪᠢᠰᠤᠩᠭᠤᠶ ᠠᠷᠭ᠎ᠠ ᠶᠢᠨ ᠰᠤᠳᠤᠯᠤᠯ
ᠶᠤᠸᠠᠢ ᠢᠦᠢ ᠯᠦ ᠪᠠᠶᠢᠭᠠᠯᠢ ᠶᠢᠷᠲᠢᠨᠴᠦ ᠶᠢᠨ ᠴᠠᠭ ᠣᠷᠣᠨ ᠲᠤᠬᠠᠢ ᠲᠣᠪᠴᠢ ᠥᠭᠦᠯᠡᠬᠦ ᠨᠢ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠦ 1982 ᠣᠨ ᠤ 3 ᠳ᠋ᠤᠭᠠᠷ ᠬᠤᠭᠤᠴᠠᠭ᠎ᠠ ᠵᠣᠬᠢᠶᠠᠯ ᠂ ᠴᠠᠭ ᠪᠠ ᠣᠷᠣᠨ ᠵᠠᠢ ᠪᠣᠯ ᠴᠥᠮ ᠪᠠᠶᠢᠭᠠᠯᠢ ᠶᠢᠷᠲᠢᠨᠴᠦ ᠶᠢᠨ — ᠪᠣᠳᠠᠰ ᠤᠨ ᠦᠨᠳᠦᠰᠦᠨ ᠬᠤᠪᠢᠰᠤᠩᠭᠤᠢ ᠰᠢᠨᠵᠢ ᠴᠢᠨᠠᠷ ᠮᠥᠨ ᠭᠡᠵᠦ ᠵᠢᠭᠠᠵᠤ ᠭᠠᠷᠭᠠᠪᠠ᠃ ᠠᠶᠢᠨᠰᠲ᠋ᠧᠨ ᠦ ᠬᠠᠷᠢᠴᠠᠩᠭᠤᠶ ᠶᠢᠨ ᠣᠨᠣᠯ ᠨᠢ ᠡᠨᠡ ᠬᠣᠶᠠᠷ ᠤᠨ ᠨᠢᠭᠲᠠ ᠬᠣᠯᠪᠣᠭ᠎ᠠ ᠶᠢ ᠢᠯᠡᠷᠡᠭᠦᠯᠵᠦ ᠂ ᠳᠥᠷᠪᠡᠨ ᠬᠡᠮᠵᠢᠯᠳᠦ ᠴᠠᠭ ᠣᠷᠣᠨ ᠵᠠᠶ ᠂ ᠡᠨᠡ ᠪᠣᠯ 20 ᠳ᠋ᠤᠭᠠᠷ ᠵᠠᠭᠤᠨ ᠠᠴᠠ ᠨᠠᠰᠢᠬᠢ ᠪᠠᠶᠢᠭᠠᠯᠢ ᠶᠢᠨ ᠰᠢᠨᠵᠢᠯᠡᠬᠦ ᠤᠬᠠᠭᠠᠨ ᠤ ᠣᠯᠤᠭᠰᠠᠨ ᠴᠢᠬᠤᠯᠠ ᠦᠷ᠎ᠡ ᠪᠦᠲᠦᠭᠡᠯ ᠪᠣᠯᠤᠨ᠎ᠠ ᠃
ᠶᠤᠸᠠᠢ ᠢᠦᠶ ᠯᠦ ᠪᠠᠶᠢᠭᠠᠯᠢ ᠶᠢᠨ ᠰᠢᠰᠲ᠋ᠧᠮ ᠦᠨ ᠬᠤᠪᠢᠰᠤᠩᠭᠤᠶ ᠠᠷᠭ᠎ᠠ ᠶᠢᠨ ᠣᠨᠣᠯ ᠱᠠᠨᠳᠦ᠋ᠩ ᠦᠨ ᠨᠡᠶᠢᠭᠡᠮ ᠦᠨ ᠰᠢᠨᠵᠢᠯᠡᠬᠦ ᠤᠬᠠᠭᠠᠨ 1991 1 ᠬᠤᠭᠤᠴᠠᠭ᠎ᠠ ᠵᠣᠬᠢᠶᠠᠯ ᠂ ᠬᠥᠮᠦᠨ ᠲᠥᠷᠥᠯᠬᠢᠲᠡᠨ ᠡᠬᠡ ᠪᠠᠶᠢᠭᠠᠯᠢ 200 ᠲᠦᠮᠡᠨ ᠵᠢᠯ ᠂ ᠰᠡᠳᠬᠢᠨ ᠂ ᠬᠡᠢ ᠂ ᠢᠯᠠᠩᠭᠤᠶ᠎ᠠ ᠣᠶᠢᠷ᠎ᠠ ᠶᠢᠨ ᠭᠤᠷᠪᠠᠨ ᠵᠢᠯ ᠦᠨ ᠲᠤᠷᠰᠢ ᠬᠢᠭᠰᠡᠨ ᠭᠦᠨ ᠤᠬᠠᠭᠠᠨ ᠪᠠ ᠰᠢᠨᠵᠢᠯᠡᠬᠦ ᠤᠬᠠᠭᠠᠨ ᠤ ᠨᠢ ᠪᠣᠳᠠᠰ ᠤᠨ ᠥᠪᠡᠷ ᠦᠨ ᠤᠬᠠᠮᠰᠠᠷ ᠢ ᠠᠯᠬᠤᠮ ᠠᠯᠬᠤᠮ ᠢᠶᠠᠷ ᠪᠡᠶᠡᠯᠡᠭᠦᠯᠵᠦ ᠪᠠᠶᠢᠨ᠎ᠠ ᠭᠡᠵᠦ ᠵᠢᠭᠠᠵᠤ ᠭᠠᠷᠭᠠᠪᠠ ᠃ ᠮᠠᠷᠺᠰ ᠤᠨ ᠦᠵᠡᠯ ᠦᠨ ᠭᠦᠨ ᠤᠬᠠᠭᠠᠨ ᠪᠠ ᠤᠳᠤ ᠦᠶ᠎ᠡ ᠶᠢᠨ ᠪᠠᠶᠢᠭᠠᠯᠢ ᠶᠢᠨ ᠰᠢᠨᠵᠢᠯᠡᠬᠦ ᠤᠬᠠᠭᠠᠨ ᠨᠢ ᠬᠥᠮᠦᠨ ᠲᠥᠷᠥᠯᠬᠢᠲᠡᠨ ᠦ ᠪᠠᠶᠢᠭᠠᠯᠢ ᠶᠢᠨ ᠲᠤᠬᠠᠶ ᠲᠠᠨᠢᠯᠲᠠ ᠶᠢ ᠰᠢᠨ᠎ᠡ ᠬᠥᠲᠥᠯᠥᠨ ᠂ ᠥᠷᠭᠡᠨ ᠳᠡᠯᠭᠡᠷ ᠬᠠᠶᠢᠨ ᠰᠦᠪᠡᠭᠴᠢᠯᠡᠯᠳᠡ ᠪᠠᠶᠢᠨ᠎ᠠ᠃ ᠤᠯᠠᠨ ᠤ ᠳᠤᠷᠠᠳᠤᠨ ᠭᠠᠷᠭᠠᠭᠰᠠᠨ ᠪᠠᠶᠢᠭᠠᠯᠢ ᠶᠢᠨ ᠰᠢᠰᠲ᠋ᠧᠮᠲᠦ ᠬᠤᠪᠢᠰᠤᠩᠭᠤᠶ ᠤᠨᠤᠯ ᠪᠣᠯ ᠪᠠᠶᠢᠭᠠᠯᠢ ᠶᠢᠨ ᠬᠤᠪᠢᠰᠤᠩᠭᠤᠶ ᠠᠷᠭ᠎ᠠ ᠶᠢᠨ ᠰᠦᠪᠡᠭᠴᠢᠯᠡᠯᠳᠡ ᠳᠤᠮᠳᠠ ᠭᠦᠨᠵᠡᠭᠡᠶ ᠶᠠᠷᠢᠯᠴᠠᠬᠤ ᠴᠢᠬᠤᠯᠠᠲᠠᠶ ᠠᠭᠤᠯᠭ᠎ᠠ ᠃
ᠮᠦᠩᠭᠦᠨᠴᠡᠴᠡᠭ ᠰᠢᠨᠵᠢᠯᠡᠬᠦ ᠤᠬᠠᠭᠠᠨ ᠮᠡᠷᠭᠡᠵᠢᠯ ᠦᠨ ᠲᠣᠶᠢᠮᠣ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠢ᠎ᠠ ᠂ 2004 ᠣᠨ ᠳᠤ ᠭᠡᠬᠦ ᠨᠣᠮ ᠂ 20 ᠳ᠋ᠤᠭᠠᠷ ᠵᠠᠭᠤᠨ ᠤ ᠶᠡᠷᠡᠭᠡᠳ ᠣᠨ ᠪᠣᠯᠬᠤ ᠳᠤ ᠂ ᠬᠥᠮᠦᠨ ᠲᠥᠷᠥᠯᠬᠢᠲᠡᠨ ᠦ ᠰᠢᠨᠵᠢᠯᠡᠬᠦ ᠤᠬᠠᠭᠠᠨ ᠮᠡᠷᠭᠡᠵᠢᠯ ᠦᠨ ᠰᠢᠨᠵᠢ ᠴᠢᠨᠠᠷ ᠪᠠ ᠦᠢᠯᠡᠳᠦᠯ ᠦᠨ ᠲᠤᠬᠠᠢ ᠲᠠᠨᠢᠯᠲᠠ ᠂ ᠰᠢᠨᠵᠢᠯᠡᠬᠦ ᠤᠬᠠᠭᠠᠨ ᠮᠡᠷᠭᠡᠵᠢᠯ ᠦᠨ ᠲᠤᠬᠠᠢ ᠰᠢᠨ᠎ᠡ ᠦᠵᠡᠯᠲᠡ ᠪᠣᠯᠵᠤ ᠂ ᠰᠢᠨᠵᠢᠯᠡᠬᠦ ᠤᠬᠠᠭᠠᠨ ᠮᠡᠷᠭᠡᠵᠢᠯ ᠪᠣᠯ ᠦᠢᠯᠡᠳᠪᠦᠷᠢᠯᠡᠯ ᠦᠨ ᠬᠦᠴᠦᠨ ᠪᠣᠯᠬᠤ ᠪᠠᠷ ᠪᠠᠷᠠᠬᠤ ᠦᠭᠡᠢ ᠪᠠᠰᠠ ᠨᠢᠭᠡᠳᠦᠭᠡᠷ ᠦᠢᠯᠡᠳᠪᠦᠷᠢᠯᠡᠯ ᠦᠨ ᠬᠦᠴᠦᠨ ᠪᠣᠯᠬᠤ ᠶᠤᠮ ᠃ ᠰᠢᠨᠵᠢᠯᠡᠬᠦ ᠤᠬᠠᠭᠠᠨ ᠮᠡᠷᠭᠡᠵᠢᠯ ᠪᠣᠯ ᠮᠡᠳᠡᠯᠭᠡ ᠶᠢᠨ ᠰᠢᠰᠲ᠋ᠧᠮ᠂ ᠲᠠᠨᠢᠯᠲᠠ ᠶᠢᠨ ᠠᠵᠢᠯᠯᠠᠭ᠎ᠠ᠂ ᠨᠡᠶᠢᠭᠡᠮ ᠦᠨ ᠪᠦᠲᠦᠴᠡ ᠪᠠ ᠨᠡᠶᠢᠭᠡᠮ ᠦᠨ ᠦᠶᠯᠡᠳᠪᠦᠷᠢᠯᠡᠯ ᠦᠨ ᠬᠦᠴᠦᠨ ᠦ ᠨᠢᠭᠡᠳᠦᠮᠡᠯ ᠴᠣᠭᠴᠠ ᠮᠥᠨ ᠭᠡᠵᠦ ᠵᠢᠭᠠᠵᠤ ᠭᠠᠷᠭᠠᠪᠠ ᠃ ᠨᠣᠮ ᠪᠢᠴᠢᠭ ᠮᠠᠰᠢ ᠤᠯᠠᠨ ᠡᠷᠳᠡᠮᠲᠡᠳ ᠤᠳᠤ ᠦᠶ᠎ᠡ ᠶᠢᠨ ᠰᠢᠨᠵᠢᠯᠡᠬᠦ ᠤᠬᠠᠭᠠᠨ ᠮᠡᠷᠭᠡᠵᠢᠯ ᠬᠡᠯᠪᠡᠷᠢ ᠨᠢ ᠠᠳᠠᠯᠢ ᠪᠤᠰᠤ ᠬᠣᠶᠠᠷ ᠵᠦᠢᠯ ᠦᠨ ᠪᠦᠲᠦᠴᠡ ᠪᠠ ᠬᠡᠪ ᠵᠠᠭᠪᠤᠷ᠂ ᠲᠤᠬᠠᠶᠢᠯᠠᠪᠠᠯ ᠲᠣᠣᠷᠯᠢᠭ ᠪᠠ ᠭᠡᠵᠦ ᠂ ᠡᠨᠡ ᠬᠣᠶᠠᠷ ᠵᠦᠢᠯ ᠦᠨ ᠬᠡᠪ ᠵᠠᠭᠪᠤᠷ ᠨᠢ ᠴᠥᠮ ᠡᠯ᠎ᠡ ᠬᠣᠭᠣᠷᠣᠨᠳᠣᠬᠢ ᠰᠣᠯᠪᠢᠴᠠᠯ ᠨᠡᠪᠴᠢᠯᠲᠡ ᠶᠢᠨ ᠦᠢᠯᠡᠳᠦᠯ ᠢ ᠳᠦᠷᠰᠦᠯᠡᠵᠦ᠂ ᠡᠨᠡᠬᠦ ᠰᠣᠯᠪᠢᠴᠠᠯ ᠪᠠ ᠨᠡᠪᠴᠢᠯᠲᠡ ᠶᠢᠨ ᠦᠢᠯᠡᠳᠦᠯ ᠦᠨ ᠨᠥᠯᠥᠭᠡᠯᠡᠯ ᠳᠣᠣᠷ᠎ᠠ ᠰᠢᠨᠵᠢᠯᠡᠬᠦ ᠤᠬᠠᠭᠠᠨ ᠮᠡᠷᠭᠡᠵᠢᠯ ᠦᠨ ᠪᠦᠷᠢᠯᠳᠦᠭᠦᠯᠦᠭᠰᠡᠨ ᠪᠠᠶᠢᠨ᠎ᠠ᠃