ᠵᠤᠬᠢᠶᠠᠭᠴᠢ:
ᠴᠠᠭ:2019-12-16
ᠥᠵᠡᠭᠰᠡᠨ : ℃
ᠢᠷᠡᠯᠲᠡ:
ᠯᠤᠤᠭᠠᠷ ᠵᠦᠩ ᠬᠡᠮᠡᠬᠦ ᠨᠤᠮ ᠤᠩᠰᠢᠭᠴᠢᠳ ᠲᠠᠢ

2019 12 ᠰᠠᠷ᠎ᠠ 16 ᠡᠳᠤᠷ ᠯᠤᠤᠭᠠᠷ ᠤᠨ ᠵᠦᠩ ᠦᠬᠦᠯᠡᠯᠬᠡ ᠶᠢᠨ ᠲᠡᠬᠦᠪᠦᠷ ᠬᠡᠮᠡᠬᠦ ᠨᠤᠮ ᠢ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃
ᠲᠤᠰ ᠨᠤᠮ ᠳᠤ ᠦᠪᠦᠷ ᠮᠤᠩᠭ᠋ᠤᠯ ᠤᠨ ᠽᠠᠨᠳᠠᠷ᠎ᠠ᠂ ᠬ•ᠰᠢᠨᠡᠬᠦᠦ᠂ ᠮ•ᠬᠠᠰᠪᠠᠭᠠᠨ᠎ᠠ᠂ ᠪᠦᠷᠢᠨᠳᠡᠬᠦᠰ ᠵᠡᠷᠬᠡ ᠠᠷᠪᠠᠨ ᠨᠢᠬᠡᠨ ᠠᠬᠠᠮᠡᠳ ᠵᠤᠬᠢᠶᠠᠯᠴᠢ ᠶᠢᠨ ᠬᠤᠶᠢᠴᠢ ᠦᠶ᠎ᠡ ᠶᠢᠨ ᠬᠢᠨ ᠳᠤ ᠪᠠᠨ ᠤᠶᠤᠨ ᠤ ᠦᠭ᠍ᠬᠦᠬᠡᠵᠢ ᠪᠤᠯᠬᠤ ᠶᠢ ᠬᠢᠴᠢᠶᠡᠵᠤ ᠲᠤᠭᠤᠷᠪᠢᠭᠰᠠᠨ᠂ ᠦᠨᠳᠤᠰᠦᠳᠡᠨ ᠤ ᠰᠤᠶᠤᠯ ᠲᠠᠢ ᠬᠤᠯᠪᠤᠭᠳᠠᠭᠰᠠᠨ ᠡᠮᠡᠬᠡᠯ ᠡᠬᠦᠷᠦᠭᠰᠡᠨ ᠡᠪᠦᠬᠡᠨ ᠂ ᠰᠤᠮᠤᠨ ᠤ ᠪᠠᠭᠤᠷᠢ ᠂ ᠬᠠᠶᠢᠷ᠎ᠠ ᠵᠡᠷᠬᠡ ᠬᠤᠷᠢ ᠤᠷᠴᠢᠮ ᠤᠬᠤᠷ ᠦᠬᠦᠯᠡᠯᠬᠡ ᠶᠢᠨ ᠰᠢᠨ᠎ᠡ ᠪᠦᠲᠦᠬᠡᠯ ᠢ ᠬᠤᠷᠢᠶᠠᠵᠠᠢ᠃
ᠯᠤᠤᠭᠠᠷ ᠵᠦᠩ ᠨᠤᠮ ᠢ ᠦᠪᠦᠷ ᠮᠤᠩᠭ᠋ᠤᠯ ᠤᠨ ᠰᠤᠶᠤᠯ ᠤᠨ ᠲᠠᠭᠤᠤ ᠬᠦᠭ᠍ᠵᠢᠮ ᠤᠨ ᠲᠦᠷᠰᠦ ᠰᠢᠩᠬᠡᠬᠡᠯᠳᠡ ᠶᠢᠨ ᠬᠡᠪᠯᠡᠯ ᠤᠨ ᠬᠤᠷᠢᠶᠠᠨ ᠡᠴᠡ ᠴᠠᠭᠠᠰᠤ ᠪᠠ ᠴᠠᠬᠢᠮ ᠬᠤᠶᠠᠷ ᠬᠡᠪᠯᠡᠯ ᠬᠡᠪᠯᠡᠬᠦᠯᠦᠨ ᠲᠠᠷᠬᠠᠭᠠᠭᠰᠠᠨ ᠪᠦᠬᠡᠳ ᠦᠪᠦᠷ ᠮᠤᠩᠭ᠋ᠤᠯ ᠤᠨ ᠰᠢᠯᠢ ᠶᠢᠨ ᠭᠤᠤᠯ ᠂ ᠤᠷᠳᠤᠰ ᠂ ᠠᠯᠠᠱᠠ ᠵᠡᠷᠬᠡ ᠠᠶᠢᠮᠠᠭ ᠬᠤᠳᠠ ᠶᠢᠨ ᠰᠤᠷᠭᠠᠭᠤᠯᠢ ᠳᠤ ᠦᠨ᠎ᠡ ᠲᠦᠯᠦᠪᠦᠷᠢ ᠦᠭᠡᠢ ᠃