ᠵᠤᠬᠢᠶᠠᠭᠴᠢ:
ᠴᠠᠭ:2019-12-09
ᠥᠵᠡᠭᠰᠡᠨ : ℃
ᠢᠷᠡᠯᠲᠡ:
ᠲᠡᠤᠭᠡ ᠪᠠ ᠨᠠᠶᠢᠭᠡᠮ ᠬᠡᠮᠡᠬᠦ ᠨᠤᠮ ᠬᠦᠬᠡᠬᠤᠳᠠ ᠳᠤ ᠲᠠᠷᠬᠠᠭᠠᠪᠠ
2019 12 ᠰᠠᠷ᠎ᠠ 7 ᠡᠳᠤᠷ ᠶᠠᠫᠤᠨ ᠤ ᠮᠤᠩᠭ᠋ᠤᠯᠴᠢ ᠡᠷᠳᠡᠮᠳᠡᠨ ᠶᠤᠰᠢᠳᠠ ᠵᠢᠶᠦ᠋ᠨᠶ᠋ᠢᠴᠢ ᠶᠢᠨ ᠮᠤᠩᠭᠤᠯ ᠤᠨ ᠲᠡᠤᠭᠡ ᠪᠠ ᠨᠠᠶᠢᠭᠡᠮ ᠬᠡᠮᠡᠬᠦ ᠨᠤᠮ ᠢ ᠬᠦᠬᠡᠬᠤᠳᠠ ᠳᠤ ᠲᠠᠷᠬᠠᠭᠠᠪᠠ᠃
ᠲᠤᠰ ᠨᠤᠮ ᠳᠤ ᠶᠤᠰᠢᠳᠠ ᠵᠢᠶᠦ᠋ᠨᠶ᠋ᠢᠴᠢ ᠶᠢᠨ 50 ᠵᠢᠯ ᠤᠨ ᠬᠤᠭᠤᠴᠠᠭᠠᠨ ᠳᠤ ᠬᠢᠭ᠍ᠰᠡᠨ ᠮᠤᠩᠭ᠋ᠤᠯ ᠰᠤᠳᠤᠯᠭᠠᠨ ᠤ 25 ᠪᠦᠲᠦᠬᠡᠯ ᠢ ᠪᠠᠭᠳᠠᠭᠠᠵᠤ᠂ ᠮᠤᠩᠭ᠋ᠤᠯ ᠬᠠᠭᠠᠨᠳᠤ ᠲᠦᠷᠦ ᠶᠢᠨ ᠦᠨᠳᠤᠰᠦᠨ ᠲᠤᠯᠭᠤᠷ ᠪᠢᠴᠢᠭ᠌᠂ ᠮᠤᠩᠭ᠋ᠤᠯ ᠬᠠᠭᠠᠨᠳᠤ ᠲᠦᠷᠦ ᠪᠠᠶᠢᠭᠤᠯᠤᠭᠳᠠᠬᠤ ᠦᠶ᠎ᠡ ᠶᠢᠨ ᠬᠡᠳᠤᠨ ᠠᠰᠠᠭᠤᠳᠠᠯ ᠵᠢᠴᠢ ᠦᠪᠦᠷ ᠮᠤᠩᠭ᠋ᠤᠯ ᠤᠨ ᠵᠡᠬᠦᠨ ᠤᠷᠴᠢᠨ ᠤᠳᠤ ᠦᠶ᠎ᠡ ᠶᠢᠨ ᠡᠳ᠋ ᠤᠨ ᠵᠠᠰᠠᠭ ᠤᠨ ᠲᠡᠦᠬᠡ ᠪᠠ ᠪᠦᠰᠡ ᠨᠡᠶᠢᠬᠡᠮ ᠤᠨ ᠦᠬᠡᠷᠡᠴᠢᠯᠡᠯᠳᠡ ᠶᠢᠨ ᠲᠤᠬᠠᠢ ᠠᠭᠤᠯᠭ᠎ᠠ ᠨᠤᠭᠤᠳ ᠢ ᠬᠠᠮᠤᠷᠤᠭᠰᠠᠨ ᠪᠠᠶᠢᠨ᠎ᠠ᠃
ᠶᠤᠰᠢᠳᠠ ᠵᠢᠶᠦ᠋ᠨᠶ᠋ᠢᠴᠢ ᠮᠤᠩᠭᠤᠯᠴᠢ ᠡᠷᠳᠡᠮᠳᠡᠨ᠂ ᠸᠠᠰᠧᠳ᠋ᠠ ᠶᠡᠬᠡ ᠰᠤᠷᠭᠠᠭᠤᠯᠢ ᠶᠢᠨ ᠬᠦᠨᠳᠤᠳᠤ ᠫᠷᠤᠹᠧᠰᠰᠤᠷ᠂ ᠶᠠᠫᠤᠨ ᠤ ᠮᠤᠩᠭᠤᠯ ᠤᠨ ᠨᠡᠶᠢᠭᠡᠮᠯᠢᠭ ᠤᠨ ᠳᠠᠷᠤᠭ᠎ᠠ᠂ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠬᠦᠨᠳᠤᠳᠤ ᠫᠷᠤᠹᠧᠰᠰᠤᠷ᠃