ᠵᠤᠬᠢᠶᠠᠭᠴᠢ:
ᠴᠠᠭ:2019-11-25
ᠥᠵᠡᠭᠰᠡᠨ : ℃
ᠢᠷᠡᠯᠲᠡ:
ᠬᠦᠷᠢᠶ᠎ᠡ ᠲᠡᠦᠬᠡ ᠰᠤᠶᠤᠯ ᠴᠤᠪᠤᠷᠠᠯ ᠪᠢᠴᠢᠭ᠌᠌ ᠬᠡᠪᠯᠡᠬᠦᠯᠦᠨ ᠲᠠᠷᠬᠠᠭᠠᠪᠠ
2019 11 ᠰᠠᠷ᠎ᠠ 23 ᠡᠳᠤᠷ ᠦᠪᠦᠷ ᠮᠤᠩᠭ᠋ᠤᠯ ᠤᠨ ᠶᠡᠬᠡ ᠰᠤᠷᠭᠠᠭᠤᠯᠢ ᠪᠤᠯᠤᠨ ᠤᠷᠤᠨ ᠨᠤᠳᠤᠭ ᠤᠨ ᠵᠠᠰᠠᠭ ᠤᠨ ᠤᠷᠳᠤᠨ ᠲᠠᠢ ᠬᠠᠮᠳᠤᠷᠠᠨ ᠬᠦᠢᠴᠡᠳᠭᠡᠵᠤ ᠪᠠᠶᠢᠭ᠎ᠠ ᠰᠤᠳᠤᠯᠭᠠᠨ ᠤ ᠲᠦᠰᠦᠯ ᠤᠨ ᠦᠷ᠎ᠡ ᠪᠦᠳᠦᠮᠵᠢ ᠶᠢᠨ ᠨᠢᠬᠡ ᠪᠤᠯᠬᠤ ᠬᠦᠷᠢᠶ᠎ᠡ ᠲᠡᠦᠬᠡ ᠰᠤᠶᠤᠯ ᠤᠨ ᠴᠤᠪᠤᠷᠠᠯ ᠪᠢᠴᠢᠭ᠌᠌ 18 ᠪᠤᠳᠢ ᠢ᠋ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃
ᠬᠦᠷᠢᠶ᠎ᠠ ᠲᠡᠦᠬᠡ ᠰᠤᠶᠤᠯ ᠤᠨ ᠴᠤᠪᠤᠷᠠᠯ ᠪᠢᠴᠢᠭ᠌᠌ ᠪᠤᠯ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠲᠡᠭᠡᠳᠤ ᠰᠤᠷᠭᠠᠭᠤᠯᠢ ᠪᠤᠯᠤᠨ ᠬᠦᠷᠢᠶ᠎ᠡ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠬᠠᠮᠳᠤᠷᠠᠨ ᠲᠠᠭᠠᠭᠠᠴᠢᠯᠠᠭᠰᠠᠨ ᠰᠢᠨᠵᠢᠯᠡᠬᠦ ᠤᠬᠠᠭᠠᠨ ᠤ ᠰᠤᠳᠤᠯᠭᠠᠨ ᠤ ᠴᠢᠬᠤᠯᠠ ᠲᠦᠰᠦᠯ ᠪᠤᠯᠤᠨ᠎ᠠ᠃ ᠲᠤᠰ ᠴᠤᠪᠤᠷᠠᠯ ᠪᠢᠴᠢᠭ᠌᠌ ᠨᠢ ᠤᠳᠬ᠎ᠠ ᠵᠤᠬᠢᠶᠠᠯ ᠤᠷᠠᠯᠢᠬ᠂ ᠦᠬᠡ ᠬᠡᠯᠡ ᠦᠰᠦᠭ ᠪᠢᠴᠢᠭ᠌᠌᠂ ᠰᠤᠶᠤᠯ ᠲᠡᠦᠬᠡ ᠵᠡᠷᠬᠡ ᠠᠭᠤᠯᠭ᠎ᠠ ᠶᠢ 23 ᠪᠤᠳᠢ ᠃

ᠳᠤᠰ ᠡᠳᠤᠷ ᠲᠠᠷᠬᠠᠭᠠᠭᠰᠠᠨ ᠬᠦᠷᠢᠶ᠎ᠡ ᠠᠨᠳᠠᠢ ᠲᠤᠪᠴᠢᠶ᠎ᠠ ᠂ ᠬᠦᠷᠢᠶ᠎ᠡ ᠠᠷᠠᠳ ᠤᠨ ᠲᠠᠭᠤᠤ ᠶᠢᠨ ᠴᠤᠮᠤᠷᠯᠢᠭ ᠂ ᠬᠦᠷᠢᠶ᠎ᠡ ᠨᠤᠳᠤᠭ ᠤᠰᠤᠨ ᠤ ᠤᠷᠠᠨ ᠵᠤᠬᠢᠶᠠᠯ ᠰᠤᠳᠤᠯᠤᠯ ᠵᠡᠷᠬᠡ 18 ᠪᠤᠳᠢ ᠮᠤᠩᠭ᠋ᠤᠯ ᠬᠡᠪᠯᠡᠯ ᠶ᠋ᠢ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠬᠦᠷᠡᠯᠱᠠ ᠫᠷᠤᠹᠧᠰᠰᠤᠷ ᠢᠶᠡᠷ ᠠᠬᠠᠯᠠᠭᠤᠯᠤᠭᠰᠠᠨ ᠰᠤᠳᠤᠯᠭᠠᠨ ᠤ ᠪᠠᠭ ᠤᠨ ᠬᠢᠨ 9 ᠵᠢᠯ ᠤᠨ ᠬᠤᠭᠤᠴᠠᠭ᠎ᠠ ᠬᠡᠷᠡᠭᠰᠡᠨ ᠲᠤᠭᠤᠷᠪᠢᠨ ᠨᠠᠶᠢᠷᠠᠭᠤᠯᠤᠭᠰᠠᠨ ᠪᠠᠶᠢᠨ᠎ᠠ᠃