ᠵᠤᠬᠢᠶᠠᠭᠴᠢ:
ᠴᠠᠭ:2019-10-27
ᠥᠵᠡᠭᠰᠡᠨ : ℃
ᠢᠷᠡᠯᠲᠡ:
ᠬᠦᠬᠡ ᠷᠤᠮᠠᠨ ᠪᠤᠯ ᠬᠤᠪᠢ ᠵᠠᠶᠠᠭᠠᠨ ᠦᠬᠡᠷᠡᠴᠢᠯᠡᠯᠳᠡ ᠠᠶ᠎ᠠ ᠮᠦᠨ
ᠬᠦᠬᠡᠬᠤᠳᠠ 2019 10 ᠰᠠᠷ᠎ᠠ 27 ᠡᠳᠤᠷ ᠴᠠᠬᠢᠯᠭᠠᠨ ᠮᠡᠳᠡᠬᠡ ᠲᠤᠰ ᠷᠤᠮᠠᠨ ᠪᠤᠯ ᠨᠢᠬᠡᠨ ᠤᠷᠳᠤ ᠮᠦᠷᠡᠨ᠂ ᠨᠢᠬᠡᠨ ᠬᠠᠭᠤᠳᠠᠰᠤ ᠵᠢᠷᠤᠭ᠂ ᠨᠢᠬᠡᠨ ᠬᠤᠪᠢ ᠵᠠᠶᠠᠭᠠᠨ ᠤ ᠦᠬᠡᠷᠡᠴᠢᠯᠡᠯᠳᠡ ᠠᠶ᠎ᠠ ᠮᠦᠨ ᠬᠡᠵᠤ ᠮᠤᠤ ᠳ᠋ᠦᠨ ᠤ ᠤᠳᠬ᠎ᠠ ᠵᠤᠬᠢᠶᠠᠯ ᠤᠨ ᠱᠠᠩᠨᠠᠯ ᠤᠨ ᠬᠢᠨᠠᠭᠴᠢ ᠪᠤᠤ ᠰᠡᠴᠡᠨ ᠬᠠᠯᠢᠭᠤᠨ ᠬᠦᠬᠡ ᠮᠤᠩᠭ᠋ᠤᠯ ᠷᠤᠮᠠᠨ ᠢ ᠢᠩᠬᠢᠵᠤ ᠦᠨᠡᠯᠡᠵᠡᠢ᠃
ᠲᠤᠰ ᠷᠤᠮᠠᠨ ᠳᠤ ᠤᠷᠴᠢᠨ ᠦᠶ᠎ᠡ ᠶᠢᠨ ᠬᠤᠷᠴᠢᠨ ᠲᠠᠯ᠎ᠠ ᠨᠤᠳᠤᠭ ᠲᠡᠭᠡᠷ᠎ᠡ ᠤᠷᠤᠰᠢᠨ ᠠᠮᠢᠳᠤᠷᠵᠤ ᠪᠠᠶᠢᠭ᠎ᠠ ᠮᠤᠷᠢᠨ ᠬᠤᠭᠤᠷᠴᠢᠨ ᠤᠳᠤᠮ ᠤᠨ ᠬᠤᠶᠠᠷ ᠦᠶ᠎ᠡ ᠶᠢᠨ ᠬᠦᠮᠦᠰ ᠤᠨ ᠠᠮᠢᠳᠤᠷᠠᠯ ᠢ ᠲᠦᠷᠰᠦᠯᠡᠨ ᠪᠡᠷ ᠬᠤᠷᠴᠢᠨ ᠤ ᠲᠠᠯ᠎ᠠ ᠨᠤᠳᠤᠭ ᠤᠨ ᠮᠤᠩᠭ᠋ᠤᠯ ᠦᠨᠳᠤᠰᠦᠳᠡᠨ ᠤ ᠨᠡᠬᠦᠳᠡᠯᠴᠢᠨ ᠠᠮᠢᠳᠤᠷᠠᠯ ᠡᠴᠡ ᠪᠡᠨ ᠰᠠᠯᠤᠩᠬᠢᠷᠠᠵᠤ ᠠᠭᠠᠵᠢᠮ ᠢᠶᠡᠷ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠮᠢᠳᠤᠷᠠᠯ ᠳᠤ ᠲᠡᠦᠬᠡᠨ ᠬᠤᠪᠢᠷᠠᠯ ᠢ ᠲᠤᠰᠬᠠᠵᠤ᠂ ᠮᠤᠩᠭ᠋ᠤᠯᠴᠤᠳ ᠤᠨ ᠡᠬᠡ ᠪᠠᠶᠢᠭᠠᠯᠢ ᠲᠠᠢ ᠵᠤᠬᠢᠴᠠᠨ ᠠᠮᠢᠳᠤᠷᠠᠬᠤ ᠦᠨᠳᠤᠰᠦᠳᠡᠨ ᠤ ᠰᠢᠨᠵᠢ ᠶᠢ ᠲᠠᠬᠢᠨᠳᠠ ᠬᠠᠷᠠᠭᠤᠯᠤᠭᠰᠠᠨ ᠪᠠᠶᠢᠨ᠎ᠠ᠃
ᠬᠦᠬᠡ ᠮᠤᠩᠭ᠋ᠤᠯ ᠪᠤᠯ ᠬᠠᠯᠢᠭᠤᠨ ᠤ ᠲᠦᠷᠪᠡᠳᠡᠬᠢ ᠷᠤᠮᠠᠨ ᠪᠤᠯᠤᠨ᠎ᠠ᠂ 2017 ᠤᠨ ᠳᠤ ᠵᠤᠬᠢᠶᠠᠭᠴᠢ ᠶᠢᠨ ᠬᠡᠪᠯᠡᠯ ᠤᠨ ᠬᠤᠷᠢᠶᠠᠨ ᠡᠴᠡ ᠬᠡᠪᠯᠡᠬᠦᠯᠵᠦ᠂ 2018 ᠤᠨ ᠳᠤ ᠤᠩᠰᠢᠭᠴᠢᠳ ᠲᠠᠢ ᠵᠤᠯᠭᠠᠪᠠ᠃
ᠬᠠᠯᠢᠭᠤᠨ᠂ ᠤᠤᠯ ᠨᠡᠷ᠎ᠡ ᠨᠢ ᠬᠠᠢ ᠳ᠋ᠧ ᠼᠠᠢ᠂ ᠮᠤᠩᠭ᠋ᠤᠯ ᠦᠨᠳᠤᠰᠦᠳᠡᠨ᠂ ᠨᠢᠬᠡᠳᠤᠬᠡᠷ ᠤᠨ ᠵᠤᠬᠢᠶᠠᠭᠴᠢ᠂ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ ᠪᠡᠷ ᠨᠤᠳᠤᠭ ᠲᠠᠢ᠂ ᠤᠳᠤ ᠲᠤᠮᠳᠠᠳᠤ ᠤᠯᠤᠰ ᠤᠨ ᠬᠡᠰᠢᠬᠦᠨ᠂ ᠦᠪᠦᠷ ᠮᠤᠩᠭ᠋ᠤᠯ ᠤᠨ ᠲᠡᠳ᠋ ᠲᠡᠷᠢᠬᠦᠯᠡᠭᠴᠢ ᠶᠢᠨ ᠲᠤᠰᠢᠶᠠᠯ ᠲᠠᠢ᠃