ᠵᠤᠬᠢᠶᠠᠭᠴᠢ:
ᠴᠠᠭ:2019-09-27
ᠥᠵᠡᠭᠰᠡᠨ : ℃
ᠢᠷᠡᠯᠲᠡ:
ᠮᠣᠩᠭᠣᠯ ᠦᠨᠳᠦᠰᠦᠲᠡᠨ ᠦ ᠨᠠᠰᠤᠨ ᠪᠠᠶᠠᠷ
ᠨᠠᠰᠤᠨ ᠤ ᠵᠠᠩ ᠦᠢᠯᠡ ᠶᠢᠨ ᠳᠣᠲᠤᠷ᠎ᠠ ᠮᠣᠩᠭᠣᠯᠴᠤᠳ ᠤᠨ ᠵᠢᠯ ᠣᠷᠤᠭᠤᠯᠬᠤ ᠶᠣᠰᠣ ᠨᠢ ᠥᠪᠡᠷᠮᠢᠴᠡ ᠣᠨᠴᠠᠯᠢᠭ ᠲᠠᠢ ᠨᠢᠭᠡ ᠵᠦᠢᠯ ᠦᠨ ᠬᠡᠯᠪᠡᠷᠢ ᠪᠣᠯᠣᠨ᠎ᠠ᠃ ᠬᠦᠮᠦᠨ ᠦ ᠨᠢᠭᠡ ᠨᠠᠰᠤ ᠶᠢ ᠲᠣᠭᠠᠯᠠᠬᠤ ᠳᠤ ᠪᠠᠨ ᠡᠬᠡ ᠶᠢᠨ ᠬᠡᠪᠡᠯᠢ ᠳᠡᠬᠢ ᠦᠶ᠎ᠡ ᠡᠴᠡ ᠲᠣᠭᠠᠴᠠᠨ ᠠᠷᠪᠠᠨ ᠰᠠᠷ᠎ᠠ ᠪᠣᠯᠵᠤ ᠲᠥᠷᠥᠭᠰᠡᠨ ᠢ ᠨᠢᠭᠡ ᠨᠠᠰᠤ ᠲᠠᠢ ᠭᠡᠵᠦ ᠦᠵᠡᠵᠦ᠂ ᠲᠡᠭᠦᠨ ᠢᠶᠡᠨ ᠬᠡᠢ ᠨᠠᠰᠤ ᠭᠡᠳᠡᠭ᠃ ᠲᠡᠭᠦᠨ ᠳᠡᠭᠡᠷ᠎ᠡ ᠨᠡᠮᠡᠨ ᠲᠣᠭᠠᠯᠠᠬᠤ ᠳᠤ ᠪᠠᠨ ᠬᠠᠪᠤᠷ ᠤᠨ ᠡᠬᠢᠨ ᠰᠠᠷ᠎ᠠ ᠶᠢᠨ ᠨᠢᠭᠡᠨ ᠦ ᠨᠢᠭᠡ ᠵᠢᠯ ᠦᠨ ᠬᠡᠮᠵᠢᠶᠡᠰᠦ ᠪᠣᠯᠭᠠᠨ ᠴᠠᠭᠠᠨ ᠰᠠᠷ᠎ᠠ ᠪᠠᠷ ᠨᠢᠭᠡ ᠨᠠᠰᠤ ᠨᠡᠮᠡᠳᠡᠭ ᠭᠡᠵᠦ ᠦᠵᠡᠳᠡᠭ ᠲᠤᠯᠠ ᠰᠢᠨ᠎ᠡ ᠣᠨ ᠢ ᠲᠥᠷᠥᠭᠰᠡᠨ ᠡᠳᠦᠷ ᠦᠨ ᠪᠠᠶᠠᠷ ᠲᠠᠢ ᠬᠠᠮᠳᠤᠳᠬᠠᠨ ᠲᠡᠮᠲᠡᠭᠯᠡᠳᠡᠭ ᠠᠵᠢ᠃
ᠮᠣᠩᠭᠣᠯᠴᠤᠳ ᠵᠢᠯ᠂ ᠰᠠᠷ᠎ᠠ᠂ ᠡᠳᠦᠷ᠂ ᠴᠠᠭ ᠪᠣᠯᠣᠨ ᠬᠦᠮᠦᠨ ᠦ ᠨᠠᠰᠤ ᠵᠢᠯ ᠢ ᠲᠣᠭᠠᠯᠠᠬᠤ ᠳᠤ ᠪᠠᠨ ᠠᠷᠪᠠᠨ ᠬᠣᠶᠠᠷ ᠵᠢᠯ ᠢᠶᠡᠷ ᠬᠠᠷᠢᠶᠠᠯᠠᠭᠤᠯᠬᠤ ᠵᠠᠩᠰᠢᠯ ᠨᠡᠯᠢᠶᠡᠳ ᠡᠷᠲᠡᠨ ᠦ ᠤᠯᠠᠮᠵᠢᠯᠠᠯ ᠲᠠᠢ ᠪᠠᠢᠪᠠ᠃ ᠬᠦᠮᠦᠨ ᠦ ᠨᠠᠰᠤ ᠶᠢ ᠮᠦᠨ ᠠᠷᠪᠠᠨ ᠬᠣᠶᠠᠷ ᠵᠢᠯ ᠨᠢᠭᠡ ᠪᠦᠲᠦᠴᠡ ᠡᠷᠭᠢᠵᠦ ᠲᠣᠭᠠᠯᠠᠳᠠᠭ᠂ ᠡᠬᠡ ᠶᠢᠨ ᠬᠡᠪᠡᠯᠢ ᠳᠦ ᠲᠠᠭᠠᠯᠠᠭᠳᠠᠭᠰᠠᠨ ᠬᠡᠢ ᠨᠠᠰᠤ ᠪᠠᠨ ᠨᠡᠮᠡᠭᠡᠳ ᠠᠷᠪᠠᠨ ᠭᠤᠷᠪᠠ ᠪᠣᠯᠬᠤ ᠪᠦᠷᠢ ᠵᠢᠯ ᠣᠷᠣᠭᠤᠯᠬᠤ ᠶᠣᠰᠣᠯᠠᠯ ᠬᠢᠳᠡᠭ ᠵᠠᠩᠰᠢᠯ ᠲᠠᠢ ᠪᠠᠢᠵᠤ᠂13᠂ 25᠂ 37᠂ 49᠂ 61᠂ 73᠂ 85 ᠨᠠᠰᠤ ᠶᠢᠨ ᠵᠢᠯ ᠦᠨ ᠬᠢᠨᠢ ᠴᠠᠭᠠᠨ ᠰᠠᠷ᠎ᠠ ᠳᠤ ᠵᠢᠯ ᠣᠷᠣᠬᠤ ᠪᠠᠶᠠᠷ ᠭᠡᠵᠦ ᠪᠡᠯᠭᠡᠯᠡᠳᠡᠭ ᠶᠤᠮ᠃ ᠤᠯᠤᠮᠵᠢᠯᠠᠯ ᠶᠣᠰᠣᠭᠠᠷ ᠪᠣᠯ 13᠂ 25᠂ 37᠂ 49 ᠨᠠᠰᠤᠨ ᠤ ᠵᠢᠯ ᠣᠷᠣᠬᠤ ᠨᠢ ᠬᠡᠣᠬᠡᠳ ᠪᠠᠭᠠᠴᠤᠳ᠂ ᠢᠳᠡᠷ ᠵᠠᠯᠠᠭᠤ ᠶᠢᠨ ᠦᠶ᠎ᠡ ᠪᠣᠯᠬᠣᠷ᠂ ᠶᠡᠬᠡ ᠪᠠᠶᠠᠷ ᠨᠠᠢᠷ ᠬᠢᠳᠡᠭ ᠦᠭᠡᠢ᠂ ᠠᠬᠠᠮᠠᠳ ᠨᠠᠰᠤᠲᠠᠨ᠂ ᠰᠠᠳᠤᠨ ᠲᠥᠷᠥᠯ ᠨᠢ ᠪᠡᠯᠡᠭ ᠥᠭᠴᠥ᠂ ᠳᠤᠷᠠᠰᠬᠠᠨ ᠲᠡᠮᠲᠡᠭᠯᠡᠳᠡᠭ᠃ 61᠂ 73᠂ 85 ᠨᠠᠰᠤᠨ ᠤ ᠵᠢᠯ ᠣᠷᠣᠬᠤ ᠳᠤ ᠦᠷ᠎ᠡ ᠬᠡᠣᠬᠡᠳ ᠨᠢ ᠲᠤᠰᠬᠠᠢ ᠨᠠᠢ ᠪᠡᠯᠡᠳᠭᠡᠵᠦ᠂ ᠰᠠᠳᠤᠨ ᠲᠥᠷᠥᠯ᠂ ᠠᠢᠯ ᠰᠠᠭᠠᠬᠠᠯᠲᠠ᠂ ᠨᠤᠲᠤᠭ ᠤᠰᠤᠨ ᠤ ᠪᠠᠨ ᠬᠦᠮᠦᠰ ᠢ ᠤᠷᠢᠨ ᠣᠷᠣᠯᠴᠠᠭᠤᠯᠵᠤ ᠦᠷᠡᠭᠡᠨ ᠳᠡᠯᠭᠡᠷ ᠢᠶᠡᠷ ᠬᠢᠳᠡᠭ᠃ ᠡᠨᠡ ᠬᠦ ᠤᠯᠠᠮᠵᠢᠯᠠᠯ ᠤᠨ ᠰᠠᠭᠤᠷᠢᠨ ᠳᠡᠭᠡᠷ᠎ᠡ ᠣᠢᠷ᠎ᠠ ᠣᠷᠴᠢᠨ ᠦᠶ᠎ᠡ ᠳᠦ 70᠂ 80᠂ 90 ᠨᠠᠰᠤᠨ ᠤ ᠣᠢ ᠶᠢ ᠨᠢ ᠳᠣᠬᠢᠶᠠᠯᠳᠤᠭᠤᠯᠤᠨ ᠲᠡᠮᠲᠡᠭᠯᠡᠨ ᠳᠤᠷᠠᠰᠠᠬᠠᠬᠤ ᠰᠢᠨ᠎ᠡ ᠵᠠᠩᠰᠢᠯ ᠳᠡᠯᠭᠡᠷᠡᠵᠦ ᠪᠠᠢᠨ᠎ᠠ᠃
ᠥᠨᠳᠥᠷ ᠨᠠᠰᠤᠨ ᠤ ᠵᠢᠯ ᠣᠷᠣᠭᠤᠯᠬᠤ ᠶᠢ ᠨᠠᠰᠤᠨ ᠪᠠᠶᠠᠷ ᠬᠢᠬᠦ᠂ ᠨᠠᠰᠤᠨ ᠪᠠᠶᠠᠷ ᠤᠨ ᠨᠠᠢᠷ᠂ ᠵᠢᠯ ᠵᠡᠷᠭᠡᠭᠦᠯᠬᠦ ᠭᠡᠬᠦ ᠮᠡᠲᠦ ᠪᠡᠷ ᠨᠡᠷᠡᠯᠡᠵᠦ᠂ ᠦᠷ᠎ᠡ ᠬᠡᠣᠬᠡᠳ ᠨᠢ ᠭᠣᠣᠯᠠᠯᠨ ᠣᠭᠣᠴᠠ ᠰᠢᠭᠦᠰᠦ ᠪᠡᠯᠡᠳᠭᠡᠵᠦ᠂ ᠰᠠᠳᠤᠨ ᠲᠥᠷᠥᠯ᠂ ᠠᠢᠯ ᠠᠢᠮᠠᠭ ᠤᠨ ᠬᠢᠨ ᠣᠷᠤᠯᠴᠠᠭᠠᠳ ᠪᠡᠯᠡᠭ ᠰᠡᠯᠲᠡ ᠥᠭᠬᠦ ᠶᠢᠨ ᠬᠠᠮᠲᠤ᠂ ᠨᠠᠢᠷ ᠤᠨ ᠳᠠᠭᠤᠤ ᠡᠷᠭᠦᠵᠦ᠂ ᠨᠠᠰᠤᠨ ᠪᠠᠶᠠᠷ ᠤᠨ ᠢᠷᠦᠭᠡᠯ ᠳᠡᠪᠰᠢᠭᠦᠯᠳᠡᠭ᠃
ᠮᠣᠩᠭᠣᠯᠴᠤᠳ ᠤᠨ ᠵᠢᠯ ᠣᠷᠣᠭᠤᠯᠬᠤ ᠵᠠᠩᠰᠢᠯ ᠪᠣᠯ ᠨᠠᠰᠤᠲᠠᠨ ᠢ ᠬᠦᠨᠳᠦᠳᠭᠡᠬᠦ ᠰᠠᠢᠨ ᠰᠠᠢᠬᠠᠨ ᠶᠣᠰᠣ ᠰᠤᠷᠲᠠᠬᠤᠨ ᠤ ᠪᠣᠳᠠᠲᠤ ᠢᠯᠡᠷᠡᠯ ᠪᠣᠯᠬᠣᠷ᠂ ᠦᠶ᠎ᠡ ᠳᠠᠮᠵᠢᠨ ᠤᠯᠠᠮᠵᠢᠯᠠᠭᠳᠠᠵᠤ ᠢᠷᠡᠭᠰᠡᠨ ᠪᠥᠭᠡᠳ ᠥᠨᠥᠳᠥᠷ ᠴᠤ ᠭᠡᠰᠡᠨ ᠣᠯᠠᠨ ᠭᠠᠵᠠᠷ ᠲᠤ ᠨᠡᠢᠳᠡᠮ ᠳᠡᠯᠭᠡᠷᠡᠵᠦ᠂ ᠵᠠᠯᠠᠭᠤᠴᠤᠳ ᠪᠠᠭᠠᠴᠤᠳ᠂ ᠵᠠᠯᠭᠠᠮᠵᠢ ᠦᠶ᠎ᠡ ᠶᠢᠨ ᠬᠢᠨ ᠳᠦ ᠪᠣᠯᠪᠠᠰᠤᠨ ᠶᠤᠰᠤ ᠰᠤᠷᠲᠠᠬᠤᠨ ᠤ ᠬᠦᠮᠦᠵᠢᠯ ᠣᠯᠭᠣᠵᠤ᠂ ᠤᠯᠠᠮᠵᠢᠯᠠᠯᠲᠤ ᠰᠢᠯᠢᠳᠡᠭ ᠵᠠᠩ ᠦᠢᠯᠡ ᠰᠣᠶᠣᠯ ᠢᠶᠠᠨ ᠤᠯᠠᠮᠵᠢᠯᠠᠨ ᠵᠠᠯᠭᠠᠮᠵᠢᠯᠠᠵᠤ ᠲᠠᠯ᠎ᠠ ᠪᠠᠷ ᠢᠳᠡᠪᠬᠢᠲᠡᠢ ᠦᠢᠯᠡᠳᠦᠯ ᠦᠵᠡᠭᠦᠯᠦᠭᠰᠡᠭᠡᠷ ᠪᠠᠢᠭ᠎ᠠ ᠶᠢ ᠣᠨᠴᠠᠭᠠᠢᠯᠠᠨ ᠲᠡᠮᠲᠡᠭᠯᠡᠬᠦ ᠨᠢ ᠵᠦᠢᠲᠡᠢ ᠃