ᠵᠤᠬᠢᠶᠠᠭᠴᠢ:
ᠴᠠᠭ:2019-09-11
ᠥᠵᠡᠭᠰᠡᠨ : ℃
ᠢᠷᠡᠯᠲᠡ:
ᠮᠤᠩᠭᠤᠯ ᠤᠨ ᠨᠡᠬᠦᠳᠡᠯ ᠮᠠᠯᠵᠢᠯ ᠤᠨ ᠳᠡᠮᠳᠡᠭᠯᠡᠯ ᠪᠤᠯ ᠮᠠᠨ ᠤ ᠤᠯᠤᠰ ᠤᠨ ᠠᠩᠬᠠᠳᠠᠬᠴᠢ ᠨᠡᠯᠢᠶᠡᠳ ᠰᠢᠰᠲ᠋ᠧᠮ ᠲᠠᠢ ᠮᠤᠩᠭᠤᠯ ᠤᠨ ᠤᠷᠤᠨ ᠨᠤᠳᠤᠬ ᠤᠨ ᠤᠢᠢᠯᠠᠯᠭ᠎ᠠ ᠪᠤᠯᠤᠨ᠎ᠠ
ᠮᠤᠩᠭᠤᠯ ᠤᠨ ᠨᠡᠬᠦᠳᠡᠯ ᠮᠠᠯᠵᠢᠯ ᠤᠨ ᠳᠡᠮᠳᠡᠭᠯᠡᠯ ᠪᠤᠯ ᠦᠨᠳᠦᠰᠦᠳᠡᠨ ᠤ ᠳᠡᠤᠬᠡᠨ ᠪᠢᠴᠢᠭ ᠮᠦᠨ ᠂ ᠴᠢᠩ ᠤᠯᠤᠰ ᠤᠨ ᠵᠠᠩ ᠮᠦ᠋ 1805 — 1849 ᠪᠢᠴᠢᠪᠡ ᠃
ᠳᠤᠰ ᠨᠣᠮ ᠪᠤᠯ ᠤᠷᠤᠨ ᠨᠤᠳᠤᠬ ᠤᠨ ᠤᠢᠢᠯᠠᠯᠭ᠎ᠠ ᠪᠠᠷ ᠵᠢᠱᠢᠶ᠎ᠠ ᠪᠤᠯᠭᠠᠬᠤ᠂ ᠮᠤᠩᠭᠤᠯ ᠤᠨ ᠪᠤᠢ ᠪᠦᠬᠦᠢ ᠠᠶᠢᠮᠠᠬ ᠪᠦᠯᠦᠭ ᠢ ᠳᠤᠰ ᠳᠤᠰ ᠲᠤᠨᠢ ᠳᠡᠮᠳᠡᠭᠯᠡᠬᠦ᠂ ᠡᠯ᠎ᠠ ᠠᠶᠢᠮᠠᠬ ᠬᠤᠰᠢᠭᠤ ᠪᠠᠷ ᠪᠤᠯᠭᠠᠬᠤ ᠠᠷᠭ᠎ᠠ ᠪᠠᠷ᠂ ᠮᠤᠩᠭᠤᠯ ᠤᠨ ᠭᠠᠵᠠᠷ ᠵᠦᠢ ᠶᠢᠨ ᠪᠠᠶᠢᠷᠢᠯᠠᠯ᠂ ᠬᠦᠷᠢᠶ᠎ᠠ ᠬᠡᠪᠴᠢᠶ᠎ᠠ᠂ ᠳᠦᠷᠰᠦ ᠪᠠᠶᠢᠳᠠᠯ ᠪᠤᠯᠤᠨ ᠪᠠᠶᠢᠷᠢ ᠰᠠᠭᠤᠷᠢ ᠶᠢ ᠲᠣᠭᠠᠴᠢᠨ ᠦᠬᠦᠯᠡᠵᠤ᠂ ᠳᠠᠬᠢᠨ ᠡᠯ᠎ᠠ ᠠᠶᠢᠮᠠᠬ ᠪᠦᠯᠦᠭ ᠤᠨ ᠰᠠᠭᠤᠭ᠎ᠠ ᠭᠠᠵᠠᠷ ᠤᠷᠤᠨ ᠢᠶᠠᠷ ᠨᠡᠶᠢᠭᠡᠮ ᠤᠨ ᠤᠯᠠᠷᠢᠯ ᠬᠤᠪᠢᠷᠠᠯ ᠵᠢᠴᠢ ᠳᠡᠤᠬᠡᠨ ᠳᠠᠬᠢ ᠤᠮᠠᠷᠠᠳᠤ ᠶᠢᠨ ᠦᠨᠳᠦᠰᠦᠳᠡᠨ ᠨᠦᠭᠦᠳ ᠤᠨ ᠬᠠᠷᠢᠯᠴᠠᠭ᠎ᠠ ᠶᠠᠪᠤᠯᠴᠠᠭ᠎ᠠ ᠶᠢ ᠰᠢᠨᠵᠢᠯᠡᠵᠤ ᠰᠤᠳᠤᠯᠤᠬᠰᠠᠨ ᠵᠤᠬᠢᠶᠠᠯ ᠪᠤᠯᠤᠨ᠎ᠠ᠃ ᠨᠡᠶᠢᠳᠡ 16 ᠪᠤᠳᠢ ᠪᠤᠢ᠂ ᠵᠠᠩ ᠮᠦ᠋ 10 ᠵᠢᠯ ᠵᠠᠷᠤᠴᠠᠭᠤᠯᠤᠨ ᠡᠮᠤᠨᠡᠬᠢ 12 ᠪᠤᠳᠢ ᠶᠢ ᠨᠢ ᠪᠢᠴᠢᠵᠤ ᠂ ᠬᠠᠷᠠᠮᠰᠠᠯᠳᠠᠢ ᠪᠠᠷ ᠨᠠᠰᠤ ᠪᠠᠷᠠᠵᠠᠢ ᠂ ᠰᠡᠬᠦᠯ ᠤᠨ 4 ᠪᠤᠳᠢ ᠶᠢ ᠨᠢ ᠡᡁᠧ ᠴᠢᠦ ᠳᠤᠤ ᠬᠠᠷᠭᠤᠭᠤᠯᠠᠨ ᠨᠦᠬᠦᠪᠦᠷᠢᠯᠡᠬᠡᠳ ᠪᠢᠴᠢᠵᠤ ᠪᠠᠷᠠᠭᠠᠪᠠ᠃ ᠳᠤᠰ ᠵᠤᠬᠢᠶᠠᠯ ᠨᠢ ᠳᠤᠳᠤᠷ᠎ᠠ ᠭᠠᠵᠠᠷ ᠤᠨ ᠮᠤᠩᠭᠤᠯ ᠤᠨ ᠡᠷᠳᠡᠨ ᠠᠴᠠ ᠠᠪᠤᠭᠠᠳ ᠳᠦᠷᠦ ᠬᠡᠷᠡᠯᠳᠦ ᠶᠢᠨ ᠤᠨ ᠵᠢᠯ ᠬᠦᠷᠳᠡᠯᠡᠬᠢ ᠭᠠᠵᠠᠷ ᠵᠦᠢ ᠶᠢᠨ ᠪᠠᠶᠢᠷᠢᠯᠠᠯ ᠤᠨ ᠤᠯᠠᠷᠢᠯ ᠬᠤᠪᠢᠷᠠᠯ ᠬᠢᠬᠡᠳ ᠴᠢᠬᠤᠯᠠ ᠶᠡᠭᠡ ᠳᠡᠤᠬᠡᠨ ᠶᠠᠪᠤᠳᠠᠯ ᠤᠳ ᠢ ᠳᠡᠮᠳᠡᠭᠯᠡᠵᠡᠢ᠃
ᠵᠠᠩ ᠮᠦ᠋ ᠪᠤᠯ ᠱᠠᠨ ᠰᠢ ᠶᠢᠨ ᠫᠢᠩ ᠳ᠋ᠢᠩ ᠤᠨ ᠬᠦᠮᠦᠨ᠂ ᠪᠠᠷᠠᠭᠤᠨ ᠬᠤᠶᠢᠳᠤ ᠤᠷᠤᠨ ᠤ ᠳᠡᠤᠬᠡ ᠭᠠᠵᠠᠷ ᠵᠦᠢ ᠳᠤ ᠨᠡᠪᠳᠡᠷᠬᠡᠢ ᠪᠠᠶᠢᠳᠠᠬ᠃ ᠳᠡᠷᠡᠪᠡᠷ ᠳᠦᠷᠦ ᠬᠡᠷᠡᠯᠳᠦ ᠶᠢᠨ ᠤᠨ ᠵᠢᠯ ᠤᠳ ᠲᠤ ᠴᠢ ᠵᠢᠤᠸᠠᠨ ᠽᠤᠤ ᠶᠢᠨ ᠤᠷᠢᠯᠭ᠎ᠠ ᠪᠠᠷ᠂ ᠴᠢ ᠶᠦᠨ ᠱᠢ ᠶᠢᠨ ᠬᠠᠷᠢᠶᠠᠳᠤ ᠠᠶᠢᠮᠠᠬ ᠪᠦᠯᠦᠭ ᠤᠨ ᠳᠤᠪᠴᠢᠶᠠᠨ ᠬᠠᠷᠭᠤᠭᠤᠯᠠᠬᠤ ᠳᠠᠭᠠᠨ᠂ ᠤᠨ ᠳᠠᠷᠠᠭᠠᠯᠠᠬᠰᠠᠨ ᠳᠡᠤᠬᠡᠨ ᠪᠢᠴᠢᠭ ᠨᠢ ᠡᠷᠬᠡᠪᠰᠢ ᠤᠯᠤᠰ ᠤᠨ ᠤᠷᠤᠨ ᠨᠤᠳᠤᠬ ᠤᠨ ᠤᠢᠢᠯᠠᠯᠭ᠎ᠠ ᠯᠤᠭ᠎ᠠ ᠠᠳᠠᠯᠢ ᠪᠠᠶᠢᠬᠤ ᠬᠡᠷᠡᠭᠳᠡᠢ ᠬᠡᠳᠡᠭ ᠢ ᠵᠤᠷᠢᠵᠡᠢ᠃ ᠢᠢᠨᠬᠦ ᠴᠢᠩ ᠤᠯᠤᠰ ᠤᠨ ᠬᠠᠤᠯᠢ ᠳᠦᠷᠢᠮ ᠤᠨ ᠬᠤᠷᠢᠶᠠᠩᠭᠤᠢ ᠨᠢᠬᠡᠳᠦᠯᠳᠡᠢ ᠤᠢᠢᠯᠠᠯᠭ᠎ᠠ ᠵᠡᠷᠬᠡ ᠪᠢᠴᠢᠭ ᠲᠠᠬᠢ ᠮᠤᠩᠭᠤᠯ ᠤᠨ ᠳᠡᠤᠬᠡ ᠯᠦᠭᠡ ᠬᠠᠮᠢᠶᠠᠳᠠᠢ ᠳᠡᠤᠬᠡᠨ ᠮᠠᠲ᠋ᠧᠷᠢᠶᠠᠯ ᠢ ᠦᠷᠬᠡᠨ ᠢᠶᠠᠷ ᠂ ᠳᠡᠤᠬᠡᠨ ᠳᠡᠮᠳᠡᠭᠯᠡᠯ ᠢᠶᠠᠷ ᠵᠢᠱᠢᠶ᠎ᠠ ᠪᠤᠯᠭᠠᠵᠤ᠂ ᠴᠢᠩ ᠤᠯᠤᠰ ᠤᠨ ᠳᠦᠷᠦ ᠬᠡᠷᠡᠯᠳᠦ ᠠᠴᠠ ᠡᠮᠤᠨᠡᠬᠢ ᠮᠤᠩᠭᠤᠯ ᠤᠨ ᠡᠯ᠎ᠠ ᠠᠶᠢᠮᠠᠬ ᠪᠦᠯᠦᠭ ᠤᠨ ᠨᠡᠬᠦᠳᠡᠯ ᠮᠠᠯᠵᠢᠯ ᠤᠨ ᠪᠠᠶᠢᠭ᠎ᠠ ᠭᠠᠵᠠᠷ᠂ ᠨᠤᠳᠤᠬᠰᠢᠬᠰᠠᠨ ᠪᠠᠶᠢᠭ᠎ᠠ ᠭᠠᠵᠠᠷ ᠤᠨ ᠪᠠᠶᠢᠳᠠᠯ᠂ ᠨᠤᠳᠤᠬ ᠤᠰᠤᠨ ᠤ ᠪᠠᠶᠢᠷᠢᠯᠠᠯ᠂ ᠨᠤᠳᠤᠬ ᠳᠠᠪᠢᠰᠬᠡᠷ ᠤᠨ ᠤᠯᠠᠷᠢᠯ ᠬᠤᠪᠢᠷᠠᠯ᠂ ᠭᠠᠵᠠᠷ ᠤᠨ ᠨᠡᠷ᠎ᠠ ᠶᠢᠨ ᠤᠯᠠᠷᠢᠯ ᠬᠤᠪᠢᠷᠠᠯ ᠢ ᠳᠤᠰ ᠳᠤᠰ ᠲᠤᠨᠢ ᠲᠤᠭᠠᠴᠢᠨ ᠦᠬᠦᠯᠡᠵᠤ᠂ ᠢᠯᠠᠩᠭᠤᠶ᠎ᠠ ᠶᠤᠸᠠᠨ ᠤᠯᠤᠰ ᠠᠴᠠ ᠬᠤᠶᠢᠰᠢᠬᠢ ᠡᠯ᠎ᠠ ᠠᠶᠢᠮᠠᠬ ᠪᠦᠯᠦᠭ ᠤᠨ ᠳᠡᠤᠬᠡ ᠶᠢ ᠭᠤᠤᠯᠳᠠᠯᠭ᠎ᠠ ᠪᠤᠯᠭᠠᠨ ᠳᠡᠮᠳᠡᠭᠯᠡᠵᠡᠢ᠃ ᠠᠶᠢᠮᠠᠬ ᠬᠤᠰᠢᠭᠤ ᠪᠠᠷ ᠪᠤᠯᠭᠠᠨ ᠂ ᠪᠦᠬᠦ ᠵᠤᠬᠢᠶᠠᠯ ᠨᠢ ᠨᠡᠶᠢᠳᠡ ᠦᠪᠦᠷ ᠮᠤᠩᠭᠤᠯ ᠤᠨ 24 ᠠᠶᠢᠮᠠᠬ ᠪᠦᠯᠦᠭ ᠤᠨ 6 ᠪᠤᠳᠢ᠂ ᠠᠷᠤ ᠮᠤᠩᠭᠤᠯ ᠤᠨ ᠬᠠᠯᠬ᠎ᠠ ᠠᠶᠢᠮᠠᠬ ᠪᠦᠯᠦᠭ ᠤᠨ 4 ᠪᠤᠳᠢ᠂ ᠦᠬᠡᠯᠡᠳ ᠮᠤᠩᠭᠤᠯ ᠪᠤᠯᠤᠨ ᠳᠤᠷᠭᠤᠳ ᠠᠶᠢᠮᠠᠬ ᠪᠦᠯᠦᠭ ᠤᠨ ᠳᠤᠰᠪᠤᠷᠢ 3 ᠪᠤᠳᠢ ᠪᠠᠷ ᠪᠦᠷᠢᠯᠳᠦᠭᠰᠡᠨ ᠶᠤᠮ᠃ ᠡᠯ᠎ᠠ ᠠᠶᠢᠮᠠᠬ ᠪᠦᠯᠦᠭ ᠤᠨ ᠡᠮᠤᠨ᠎ᠠ ᠨᠢ ᠤᠷᠤᠰᠢᠯ ᠪᠠ ᠴᠤᠬᠤᠯᠠᠪᠤᠷᠢ ᠬᠠᠳᠠᠵᠤ᠂ ᠨᠤᠳᠠᠯᠠᠯᠳᠠ ᠪᠠᠷ ᠨᠠᠷᠢᠯᠢᠬ ᠃ ᠦᠨᠳᠦᠰᠦᠳᠡᠨ ᠤ ᠳᠡᠤᠬᠡ᠂ ᠤᠢᠢᠯᠠᠯᠭ᠎ᠠ ᠪᠤᠯᠤᠨ ᠨᠤᠳᠤᠬ ᠳᠠᠪᠢᠰᠬᠡᠷ ᠤᠨ ᠳᠡᠤᠬᠡ ᠤᠢᠢᠯᠠᠯᠭ᠎ᠠ ᠶᠢ ᠬᠠᠮᠳᠤᠳᠬᠠᠬᠰᠠᠨ ᠵᠤᠬᠢᠶᠠᠯ᠂ ᠮᠤᠩᠭᠤᠯ ᠦᠨᠳᠦᠰᠦᠳᠡᠨ ᠤ ᠳᠡᠤᠬᠡ᠂ ᠵᠠᠩ ᠵᠠᠩᠰᠢᠯ ᠪᠤᠯᠤᠨ ᠨᠤᠳᠤᠬᠰᠢᠵᠤ ᠪᠠᠶᠢᠬᠰᠠᠨ ᠭᠠᠵᠠᠷ ᠤᠷᠤᠨ ᠤ ᠤᠯᠠᠷᠢᠯ ᠬᠤᠪᠢᠷᠠᠯ ᠢ ᠰᠤᠳᠤᠯᠬᠤ ᠴᠢᠬᠤᠯᠠ ᠯᠠᠪᠯᠠᠯᠳᠠ ᠶᠢᠨ ᠪᠢᠴᠢᠭ ᠪᠤᠯᠤᠨ᠎ᠠ᠃
ᠳᠤᠰ ᠨᠤᠮ ᠨᠢ ᠬᠡᠳᠦ᠋ᠢᠪᠡᠷ ᠨᠢᠬᠡᠨ ᠤᠢᠢᠯᠠᠯᠭ᠎ᠠ ᠶᠢᠨ ᠵᠤᠬᠢᠶᠠᠯ ᠪᠤᠯᠬᠤ ᠪᠤᠯᠪᠠᠴᠤ᠂ ᠳᠡᠮᠳᠡᠭᠯᠡᠭᠰᠡᠨ ᠠᠭᠤᠯᠭ᠎ᠠ ᠪᠠ ᠬᠡᠪᠴᠢᠶ᠎ᠠ ᠨᠢ ᠬᠠᠷᠢᠨ ᠡᠩ ᠤᠨ ᠳᠡᠤᠬᠡᠨ ᠤᠢᠢᠯᠠᠯᠭ᠎ᠠ ᠠᠴᠠ ᠳᠠᠪᠠᠵᠠᠢ᠃ ᠪᠦᠬᠦ ᠵᠤᠬᠢᠶᠠᠯ ᠨᠢ ᠦᠪᠡᠷ ᠲᠡᠭᠡᠨ ᠪᠢᠴᠢᠬᠦ ᠦᠪᠡᠷ ᠲᠡᠭᠡᠨ ᠴᠤᠬᠤᠯᠠᠪᠤᠷᠢᠯᠠᠬᠤ ᠠᠷᠭ᠎ᠠ ᠪᠠᠷ ᠪᠢᠴᠢᠭᠳᠡᠵᠡᠢ᠃ ᠴᠤᠬᠤᠯᠠᠪᠤᠷᠢ ᠳᠠᠭᠠᠨ ᠶᠡᠭᠡ ᠬᠡᠮᠵᠢᠶᠡᠨ ᠤ ᠮᠠᠲ᠋ᠧᠷᠢᠶᠠᠯ ᠢᠶᠠᠷ ᠡᠰᠢ ᠪᠠᠷᠢᠮᠳᠠ ᠪᠤᠯᠭᠠᠵᠤ᠂ ᠬᠠᠮᠢᠶ᠎ᠠ ᠪᠦᠬᠦᠢ ᠪᠤᠰᠤᠳ ᠳᠡᠤᠬᠡ᠂ ᠡᠷᠳᠡᠨ ᠤ ᠦᠯᠡᠳᠡᠭᠳᠡᠯ᠂ ᠳᠤᠷᠠᠰᠬᠠᠯᠳᠤ ᠵᠦᠢᠯᠡᠰ ᠵᠡᠷᠬᠡ ᠶᠢ ᠳᠠᠨᠢᠯᠴᠠᠭᠤᠯᠤᠬᠰᠠᠨ ᠤ ᠤᠯᠠᠮ ᠠᠴᠠ ᠠᠭᠤᠯᠭ᠎ᠠ ᠪᠠᠷ ᠡᠯᠪᠡᠭ ᠪᠠᠶᠠᠯᠢᠬ ᠪᠤᠯᠵᠠᠢ᠃
ᠮᠠᠨ ᠤ ᠤᠯᠤᠰ ᠤᠨ ᠮᠤᠩᠭᠤᠯ ᠤᠨ ᠨᠡᠯᠢᠶᠡᠳ ᠰᠢᠰᠲ᠋ᠧᠮ ᠲᠠᠢ ᠤᠤᠭᠠᠨ ᠤᠷᠤᠨ ᠨᠤᠳᠤᠬ ᠤᠨ ᠤᠢᠢᠯᠠᠯᠭ᠎ᠠ ᠪᠤᠯᠤᠬᠰᠠᠨ ᠤ ᠬᠤᠪᠢ ᠳᠤ᠂ ᠳᠤᠰ ᠨᠤᠮ ᠨᠢ ᠯᠢᠶᠤᠤ᠂ ᠶᠢᠨ᠂ ᠶᠤᠸᠠᠨ ᠤ ᠦᠶ᠎ᠠ ᠶᠢᠨ ᠳᠡᠤᠬᠡᠨ ᠳᠡᠮᠳᠡᠭᠯᠡᠯ ᠤᠨ ᠤᠷᠬᠢᠬᠳᠠᠭᠤᠯᠤᠬᠰᠠᠨ ᠵᠦᠢᠯ ᠢ ᠨᠦᠬᠦᠪᠦᠷᠢᠯᠡᠵᠤ᠂ ᠴᠢᠩ ᠤᠯᠤᠰ ᠤᠨ ᠦᠶ᠎ᠠ ᠶᠢᠨ ᠮᠤᠩᠭᠤᠯ ᠤᠨ ᠡᠯ᠎ᠠ ᠠᠶᠢᠮᠠᠬ ᠪᠦᠯᠦᠭ ᠤᠨ ᠳᠤᠬᠠᠢ ᠳᠤᠳᠤᠷᠬᠠᠢ ᠭᠠᠵᠠᠷ ᠵᠦᠢ ᠶᠢᠨ ᠪᠠᠶᠢᠷᠢᠯᠠᠯ ᠪᠤᠯᠤᠨ ᠨᠡᠶᠢᠭᠡᠮ ᠤᠨ ᠳᠦᠷᠰᠦ ᠪᠠᠶᠢᠳᠠᠯ ᠢ ᠬᠠᠮᠳᠤ ᠪᠠᠰᠠ᠂ ᠴᠢᠩ ᠤᠯᠤᠰ ᠤᠨ ᠰᠡᠬᠦᠯᠴᠢ ᠶᠢᠨ ᠦᠶ᠎ᠠ ᠶᠢᠨ ᠪᠠᠷᠠᠭᠤᠨ ᠬᠤᠶᠢᠳᠦ ᠤᠷᠤᠨ ᠤ ᠳᠡᠤᠬᠡ ᠭᠠᠵᠠᠷ ᠵᠦᠢ ᠶᠢᠨ ᠰᠤᠳᠤᠯᠤᠯ ᠤᠨ ᠬᠦᠭᠵᠢᠯᠳᠡ ᠳᠤ ᠢᠳᠡᠪᠬᠢ ᠨᠦᠯᠦᠬᠡ ᠦᠵᠡᠬᠦᠯᠵᠤ ᠂ ᠡᠷᠳᠡᠮ ᠰᠢᠨᠵᠢᠯᠡᠬᠡᠨ ᠤ ᠡᠳᠡᠬᠡᠳ ᠲᠤ ᠡᠷᠳᠡᠮ ᠰᠢᠨᠵᠢᠯᠡᠬᠡᠨ ᠤ ᠰᠢᠨᠵᠢ ᠴᠢᠨᠠᠷ ᠪᠡ ᠠᠬᠤᠢᠢᠴᠢ ᠰᠢᠨᠵᠢ ᠴᠢᠨᠠᠷ ᠢ ᠠᠭᠤᠯᠤᠬᠰᠠᠨ ᠤᠯᠳᠠᠰᠢ ᠦᠬᠡᠢ ᠪᠦᠳᠦᠬᠡᠯ ᠬᠡᠮᠡᠨ ᠦᠨᠡᠯᠡᠭᠳᠡᠵᠤ ᠪᠤᠢ᠃