ᠵᠤᠬᠢᠶᠠᠭᠴᠢ:
ᠴᠠᠭ:2019-08-30
ᠥᠵᠡᠭᠰᠡᠨ : ℃
ᠢᠷᠡᠯᠲᠡ:
ᠮᠣᠩᠭᠣᠯ ᠦᠨᠳᠦᠰᠦᠲᠡᠨ ᠦ ᠥᠷᠪᠥᠭᠡ ᠬᠠᠢᠴᠢᠯᠠᠬᠤ ᠶᠣᠰᠣᠨ

ᠥᠷᠪᠥᠭᠡ ᠬᠠᠶᠢᠴᠢᠯᠠᠬᠤ ᠶᠣᠰᠣᠯᠠᠯ ᠂ ᠬᠤᠷᠢᠮ ᠤᠨ ᠶᠣᠰᠣᠯᠠᠯ ᠂ ᠣᠷᠣᠰᠢᠭᠤᠯᠭ᠎ᠠ ᠶᠢᠨ ᠶᠣᠰᠣᠯᠠᠯ ᠢ 《 ᠬᠥᠮᠦᠨ ᠦ ᠠᠮᠢᠳᠤᠷᠠᠯ ᠤᠨ ᠭᠤᠷᠪᠠᠨ ᠨᠠᠶᠢᠷ 》 ᠭᠡᠳᠡᠭ ᠃ ᠥᠷᠪᠥᠭᠡ ᠬᠠᠶᠢᠴᠢᠯᠠᠬᠤ ᠭᠡᠳᠡᠭ ᠨᠢ ᠠᠩᠬ᠎ᠠ ᠤᠳᠠᠭ᠎ᠠ ᠬᠡᠸᠬᠡᠳ ᠦᠨ ᠲᠦᠷᠦᠯᠬᠢ ᠦᠰᠦ ᠶᠢ ᠬᠠᠶᠢᠴᠢᠯᠠᠬᠤ ᠶᠢ ᠬᠡᠯᠡᠨ᠎ᠡ ᠃

ᠬᠣᠷᠴᠢᠨᠴᠤᠳ ᠥᠷᠪᠥᠭᠡ ᠬᠠᠶᠢᠴᠢᠯᠠᠬᠤ ᠶᠣᠰᠣᠯᠠᠯ ᠢ ᠨᠢᠯᠬ᠎ᠠ ᠬᠡᠸᠬᠡᠳ ᠦᠨ ᠰᠠᠷ᠎ᠠ ᠳᠦᠭᠦᠷᠬᠦ ᠦᠶ᠎ᠡ ᠳᠦ᠂ ᠣᠷᠳᠣᠰᠴᠤᠳ ᠬᠡᠣᠬᠡᠳ ᠤᠨ ᠣᠢ ᠳᠤ᠂ ᠬᠦᠬᠡᠨᠠᠭᠤᠷ ᠮᠣᠩᠭᠣᠯᠴᠤᠳ ᠬᠡᠸᠬᠡᠳ ᠤᠨ ᠭᠤᠷᠪᠠᠨ ᠨᠠᠰᠤᠨ ᠤ ᠣᠢ ᠳᠤ᠂ ᠬᠠᠯᠢᠮᠠᠭᠴᠤᠳ ᠬᠡᠣᠬᠡᠳ ᠤᠨ ᠲᠠᠪᠤᠨ ᠨᠠᠰᠤᠨ ᠤ ᠣᠢ ᠳᠤ ᠲᠤᠰ ᠲᠤᠰ ᠶᠠᠪᠤᠭᠳᠠᠭᠤᠯᠳᠠᠭ᠃ ᠠᠯᠠᠱᠠᠨ ᠪᠣᠯᠤᠨ ᠬᠠᠯᠬ᠎ᠠ ᠶᠢᠨ ᠵᠠᠷᠢᠮ ᠭᠠᠵᠠᠷ ᠲᠤ ᠂ ᠬᠦᠸ ᠶᠢ 3 ᠨᠠᠰᠤᠲᠠᠶ ᠂ 5 ᠨᠠᠰᠤᠲᠠᠶ ᠂ ᠥᠬᠢᠨ ᠢ 2 ᠨᠠᠰᠤᠲᠠᠶ ᠂ 4 ᠨᠠᠰᠤᠲᠠᠶ ᠂ 6 ᠨᠠᠰᠤᠲᠠᠶ ᠦᠶ᠎ᠡ ᠳᠤ ᠥᠷᠪᠥᠭᠡ ᠬᠠᠶᠢᠴᠢᠯᠠᠬᠤ ᠶᠣᠰᠣᠯᠠᠯ ᠬᠢᠳᠡᠭ ᠃ ᠪᠠᠭᠠᠷᠢᠨ ᠮᠣᠩᠭᠣᠯᠴᠤᠳ ᠂ ᠬᠦᠸ ᠬᠥᠮᠦᠨ ᠤ ᠣᠢ ᠶᠢᠨ ᠦᠶ᠎ᠡ ᠳᠤ ᠥᠷᠪᠥᠭᠡ ᠬᠠᠶᠢᠴᠢᠯᠠᠬᠤ ᠶᠣᠰᠣᠯᠠᠯ ᠬᠢᠳᠡᠭ ᠃ ᠡᠨᠡ ᠨᠢ ᠤᠢ ᠶᠢᠨ ᠶᠣᠰᠣᠯᠠᠯ ᠳᠡᠭᠡᠷ᠎ᠡ ᠲᠡᠭᠦᠨ ᠳᠦ ᠮᠠᠯᠠᠭᠠᠶ ᠡᠮᠦᠰᠬᠡᠬᠦ ᠶᠢᠨ ᠲᠥᠯᠥᠭᠡ ᠶᠤᠮ ᠂ ᠭᠡᠲᠡᠯ᠎ᠡ ᠥᠬᠢᠨ ᠬᠥᠮᠦᠨ ᠳᠦ ᠥᠷᠪᠥᠭᠡ ᠬᠠᠶᠢᠴᠢᠯᠠᠬᠤ ᠶᠣᠰᠣᠯᠠᠯ ᠬᠢᠳᠡᠭ ᠦᠭᠡᠢ ᠃ ᠭᠡᠷ ᠦᠨ ᠡᠵᠡᠨ ᠨᠢ ᠲᠥᠷᠥᠯ ᠰᠠᠳᠤᠨ ᠨᠠᠶᠢᠵᠠ ᠨᠥᠬᠥᠳ ᠢᠶᠡᠨ ᠤᠷᠢᠵᠤ ᠶᠣᠰᠣᠯᠠᠯ ᠳᠤ ᠣᠷᠣᠯᠴᠠᠭᠤᠯᠬᠤ ᠳᠠᠭᠠᠨ ᠲᠥᠪ ᠬᠢᠴᠢᠶᠡᠩᠭᠦᠶ ᠪᠠᠶᠢᠳᠠᠭ ᠃