ᠵᠤᠬᠢᠶᠠᠭᠴᠢ:
ᠴᠠᠭ:2019-08-23
ᠥᠵᠡᠭᠰᠡᠨ : ℃
ᠢᠷᠡᠯᠲᠡ:
ᠴᠠᠭᠡᠷ ᠤᠨ ᠡᠭᠦᠰᠤᠯ
ᠴᠡᠭᠡᠷ ᠨᠢ ᠲᠠᠯᠡᠭᠡᠢ ᠶᠢᠨ ᠡᠯ᠎ᠠ ᠥᠨᠳᠤᠰᠤᠳᠠᠨ ᠤ ᠲᠤᠮᠳᠠ ᠲᠥᠭᠡᠮᠡᠯ ᠤᠯᠠᠮᠵᠢᠯᠠᠭᠳᠠᠭᠰᠠᠨ ᠰᠤᠶᠤᠯ ᠤᠨ ᠥᠵᠡᠭᠳᠡᠯ ᠪᠥᠭᠡᠳ ᠲᠡᠭᠦᠨ ᠤ ᠡᠭᠦᠰᠤᠯ ᠨᠢ ᠡᠷᠳᠠ ᠥᠶ᠎ᠠ ᠲᠠᠢ ᠬᠤᠯᠪᠤᠭᠳᠠᠨ᠎ᠠ᠃ ᠡᠷᠳᠠᠨ ᠤ ᠭᠥᠮᠥᠰ᠂ ᠪᠤᠰᠤᠳᠴᠢ ᠪᠠᠷ ᠤᠷᠤᠰᠢᠬᠴᠢ ᠶᠠᠮᠠᠷ ᠨᠢᠭᠡᠨ ᠷᠢᠳᠢ ᠰᠢᠳᠢ ᠶᠢᠨ ᠭᠥᠴᠥᠨ ᠤ ᠵᠠᠯᠬᠠᠭᠠᠯ ᠠᠴᠠ ᠵᠠᠶᠢᠯᠠᠰᠭᠢᠭᠦ ᠶᠢᠨ ᠲᠥᠯᠥᠭᠡ ᠥᠪᠡᠷᠰᠠᠳ ᠤᠨ ᠥᠭᠡ ᠶᠠᠷᠢᠶ᠎ᠠ᠂ ᠥᠢᠯᠨ ᠠᠵᠢᠯᠯᠠᠭ᠎ᠠ ᠪᠠᠨ ᠬᠤᠷᠢᠭᠯᠠᠨ ᠭᠢᠵᠠᠭᠠᠷᠯᠠᠬᠤ ᠪᠤᠯᠤᠭᠰᠠᠨ ᠨᠢ ᠴᠡᠭᠡᠷ ᠤᠨ ᠠᠩᠬ᠎ᠠ ᠡᠭᠦᠰᠪᠤᠷᠢ ᠪᠤᠯᠤᠭᠰᠠᠨ ᠪᠠᠶᠢᠨ᠎ᠠ᠃ ᠡᠨᠡ ᠨᠢ ᠲᠤᠬᠠᠢ ᠶᠢᠨ ᠥᠶ᠎ᠠ ᠶᠢᠨ ᠥᠢᠯᠠᠳᠪᠤᠷᠢᠯᠠᠯ ᠤᠨ ᠭᠥᠴᠥᠨ ᠤ ᠲᠤᠷᠤᠢ ᠪᠠᠭᠤᠷᠠᠢ᠂ ᠪᠤᠰᠤᠳᠴᠢ ᠶᠢᠷᠳᠢᠨᠴᠤ ᠶᠢᠨ ᠲᠤᠬᠠᠢ ᠲᠠᠨᠢᠯᠳᠠ ᠤᠬᠠᠮᠰᠠᠷ ᠤᠨ ᠨᠢᠯᠬᠠᠰᠠᠭ ᠪᠠᠯᠠᠷᠬᠠᠢ᠂ ᠷᠢᠳᠢ ᠰᠢᠳᠢᠳᠤ ᠭᠥᠴᠥᠨ ᠤ ᠰᠢᠳᠥᠯᠭᠡ ᠲᠡᠭᠡᠳᠤᠯᠡᠯ ᠵᠠᠷᠭᠡ ᠳᠤ ᠨᠥᠯᠥᠭᠡᠯᠡᠭᠳᠡᠭᠰᠡᠨ ᠪᠠᠶᠢᠳᠠᠭ᠃ ᠥᠭᠡᠷ᠎ᠠ ᠪᠠᠷ ᠭᠡᠯᠡᠪᠠᠯ᠂ ᠡᠷᠳᠠ ᠥᠶ᠎ᠠ ᠶᠢᠨ ᠭᠥᠮᠥᠰ᠂ ᠶᠠᠮᠠᠷ ᠨᠢᠭᠡᠨ ᠥᠭᠡ ᠶᠠᠷᠢᠶ᠎ᠠ᠂ ᠥᠢᠯᠨ ᠠᠵᠢᠯᠯᠠᠭ᠎ᠠ ᠨᠢ ᠷᠢᠳᠢ ᠰᠢᠳᠢᠳᠤ ᠪᠤᠰᠤᠳᠴᠢ ᠭᠥᠴᠥᠨ ᠳᠤ ᠲᠠᠭᠠᠰᠢᠶᠠᠭᠳᠠᠬᠤ ᠥᠭᠡᠢ ᠠᠴᠠ ᠪᠤᠯᠵᠤ᠂ ᠲᠡᠭᠦᠨ ᠤ ᠰᠢᠳᠭᠡᠯ ᠵᠠᠯᠬᠠᠭᠠᠯ ᠢ ᠤᠯᠪᠠᠯ᠂ ᠬᠤᠪᠢ ᠭᠥᠮᠥᠨ᠂ ᠭᠡᠷ ᠪᠥᠯᠢ᠂ ᠤᠭᠰᠠᠭ᠎ᠠ ᠠᠶᠢᠮᠠᠭ ᠲᠤ ᠠᠶᠤᠯ ᠪᠠᠷᠴᠢᠳ ᠲᠤᠭᠢᠶᠠᠯᠳᠤᠨᠠ ᠭᠡᠵᠥ ᠤᠬᠠᠮᠰᠠᠷᠠᠨ ᠥᠢᠯᠠᠭᠠᠭᠰᠠᠨ ᠤ ᠤᠯᠠᠮ ᠢᠶᠠᠷ ᠲᠠᠳᠡᠭᠡᠷ ᠰᠢᠳᠭᠡᠯ ᠵᠠᠯᠬᠠᠭᠠᠯ ᠠᠴᠠ ᠵᠠᠶᠢᠯᠠᠬᠤ ᠵᠤᠷᠢᠯᠳᠠ ᠪᠠᠷ ᠭᠢᠵᠥ ᠪᠤᠯᠬᠤ ᠥᠭᠡᠢ ᠭᠡᠰᠡᠨ ᠵᠥᠢᠯᠠᠰ ᠢᠶᠠᠨ ᠴᠡᠭᠡᠷᠯᠡᠭᠦ ᠪᠤᠯᠵᠠᠢ᠃
ᠴᠡᠭᠡᠷ ᠤᠨ ᠡᠭᠦᠰᠤᠯ ᠤᠨ ᠲᠤᠬᠠᠢ ᠡᠷᠳᠠᠮᠳᠠᠳ ᠶᠠᠩᠵᠤ ᠪᠥᠷᠢ ᠪᠠᠷ ᠲᠠᠶᠢᠯᠪᠤᠷᠢᠯᠠᠵᠤ ᠪᠠᠶᠢᠬᠰᠠᠨ ᠪᠠ ᠪᠤᠰᠤᠳᠴᠢ ᠰᠢᠳᠥᠭᠡᠨ ᠪᠤᠶᠤ ᠷᠢᠳᠢ ᠰᠢᠳᠢᠳᠤ ᠭᠥᠴᠥᠨ ᠠᠴᠠ ᠵᠢᠷᠥᠭᠡᠰᠢᠶᠠᠵᠤ᠂ ᠲᠡᠳᠡᠭᠡᠷ ᠤᠨ ᠠᠶᠤᠯ ᠭᠥᠨᠥᠭᠡᠯ ᠳᠤ ᠤᠴᠠᠷᠠᠬᠤ ᠠᠴᠠ ᠠᠶᠤᠭᠠᠳ ᠴᠡᠭᠡᠷᠯᠡᠭᠦ︔ ᠶᠠᠮᠠᠷ ᠨᠢᠭᠡᠨ ᠪᠤᠰᠤᠳᠴᠢ ᠰᠢᠳᠥᠭᠡᠨ ᠪᠤᠶᠤ ᠷᠢᠳᠢ ᠰᠢᠳᠢᠳᠤ ᠭᠥᠴᠥᠨ ᠢ ᠰᠢᠳᠥᠵᠥ ᠲᠡᠭᠡᠳᠥᠯᠡᠭᠦ ᠰᠠᠳᠭᠢᠯᠭᠡ ᠪᠠᠷ ᠪᠢᠰᠢᠷᠡᠭᠡᠳ ᠴᠡᠭᠡᠷᠯᠡᠭᠦ︔ ᠠᠮᠢᠳᠤᠷᠠᠯ ᠤᠨ ᠵᠥᠢ ᠲᠤᠭᠳᠠᠭᠠᠯ᠂ ᠨᠠᠶᠢᠭᠡᠮ ᠤᠨ ᠵᠢᠷᠤᠮᠰᠢᠯ ᠠᠴᠠ ᠭᠠᠵᠢᠵᠥ ᠵᠥᠷᠢᠴᠡᠭᠰᠡᠨ ᠵᠥᠢᠯᠠᠰ ᠲᠤ ᠵᠢᠪᠡᠭᠦᠴᠠᠯ ᠲᠥᠷᠥᠭᠳᠡᠨ ᠵᠢᠭᠰᠢᠭᠡᠳ ᠴᠡᠭᠡᠷᠯᠡᠭᠦ ᠭᠡᠭᠦ ᠮᠠᠳᠤ ᠪᠠᠷ ᠥᠵᠡᠭᠰᠡᠨ ᠪᠠᠶᠢᠳᠠᠭ᠃ ᠵᠢᠱᠢᠶᠠᠯᠠᠪᠠᠯ᠂ ᠵᠠᠷᠠᠭ᠎ᠠ᠂ ᠮᠠᠩᠭᠢᠰᠤ ᠵᠠᠷᠭᠡ ᠠᠮᠢᠳᠠᠨ ᠭᠥᠮᠥᠨ ᠳᠤ ᠬᠠᠷᠢᠶᠠᠯ ᠭᠢᠵᠥ ᠴᠢᠳᠠᠬᠤ ᠷᠢᠳᠢ ᠰᠢᠳᠢ ᠶᠢᠨ ᠭᠥᠴᠥᠨ ᠲᠠᠢ ᠭᠡᠵᠥ ᠥᠢᠯᠠᠭᠠᠭᠠᠳ᠂ ᠵᠠᠷᠠᠭ᠎ᠠ᠂ ᠮᠠᠩᠭᠢᠰᠤ ᠠᠯᠠᠬᠤ ᠶᠢ ᠴᠡᠭᠡᠷᠯᠡᠭᠦ︔ ᠲᠡᠭᠷᠢ ᠡᠷᠭᠡᠰ ᠢ ᠰᠢᠳᠥᠵᠥ ᠲᠡᠭᠡᠳᠤᠯᠡᠭᠦ ᠶᠢᠨ ᠤᠯᠠᠮ ᠠᠴᠠ ᠬᠠᠷᠢᠶᠠᠵᠤ ᠵᠥᠭᠡᠭᠦ᠂ ᠵᠢᠭᠠᠵᠤ ᠲᠤᠭᠢᠬᠤ ᠶᠢ ᠴᠡᠭᠡᠷᠯᠡᠭᠦ︔ ᠬᠠᠯᠳᠠᠪᠤᠷᠢᠳᠤ ᠡᠪᠠᠳᠴᠢᠨ ᠪᠤᠶᠤ ᠪᠠᠶ᠎ᠠ ᠪᠠᠨ ᠬᠤᠤᠷᠯᠡᠵᠤ ᠭᠡᠪ ᠤᠨ ᠪᠤᠰᠤ ᠪᠠᠷ ᠥᠭᠦᠭᠰᠡᠨ ᠭᠥᠮᠥᠨ ᠢ ᠲᠡᠭᠡᠳᠤᠰ ᠤᠨ ᠤᠡᠭᠭᠤᠨ ᠳᠤ ᠤᠷᠤᠰᠢᠭᠤᠯᠬᠤ ᠶᠢ ᠴᠡᠭᠡᠷᠯᠡᠭᠦ ᠵᠠᠷᠭᠡ ᠨᠢ ᠡᠭᠦᠨ ᠤ ᠪᠤᠳᠠᠳᠤ ᠲᠤᠰᠬᠠᠯ ᠪᠤᠯᠤᠨ᠎ᠠ᠃
ᠴᠠᠭᠡᠷ ᠨᠢ ᠡᠭᠦᠰᠤᠯ ᠪᠥᠷᠢᠯᠳᠥᠯ ᠤᠨ ᠶᠠᠪᠤᠴᠠ ᠳᠤ ᠪᠠᠨ ᠭᠥᠮᠥᠰ ᠤᠨ ᠡᠳᠤᠷ ᠲᠤᠳᠤᠮ ᠤᠨ ᠠᠮᠢᠳᠤᠷᠠᠯ ᠳᠤ ᠨᠠᠪᠴᠢᠵᠥ᠂ ᠪᠤᠳᠠᠰ ᠤᠨ ᠰᠤᠶᠤᠯ ᠪᠠ ᠤᠶᠤᠨ ᠤ ᠰᠤᠶᠤᠯ ᠤᠨ ᠭᠥᠷᠢᠶ᠎ᠠ ᠭᠡᠪᠴᠢᠶᠠᠨ ᠳᠤ ᠥᠷᠭᠡᠵᠢᠨ ᠤᠯᠠᠮᠵᠢᠯᠠᠭᠳᠠᠭᠠᠳ᠂ ᠵᠠᠩ ᠥᠢᠯᠨ ᠶᠢᠨ ᠴᠢᠬᠤᠯᠠ ᠪᠥᠷᠢᠯᠳᠥᠭᠦᠨ ᠠᠭᠤᠯᠭ᠎ᠠ ᠪᠤᠯᠤᠭᠰᠠᠨ ᠶᠤᠮ᠃ ᠴᠠᠭᠡᠷ ᠨᠢ ᠨᠢᠭᠡ ᠲᠠᠯ᠎ᠠ ᠪᠠᠷ ᠠᠷᠢᠭᠤᠨ ᠲᠠᠷᠬᠠᠨ᠂ ᠤᠡᠭᠭᠤᠨ ᠰᠢᠳᠥᠭᠡᠨ ᠤ ᠬᠤᠪᠢ ᠪᠠᠷ ᠥᠢᠯᠠᠭᠠᠭᠳᠠᠵᠤ᠂ ᠨᠥᠭᠦᠭᠡ ᠲᠠᠯ᠎ᠠ ᠪᠠᠷ ᠨᠢᠭᠤᠴᠠ ᠲᠠᠯᠳᠠ᠂ ᠠᠶᠤᠮᠰᠢᠭᠳᠤ ᠰᠥᠷᠳᠡᠭᠦᠯᠥᠯ ᠢᠶᠠᠷ ᠥᠵᠡᠭᠳᠡᠳᠡᠭ ᠪᠤᠯᠬᠤᠷ᠂ ᠭᠥᠮᠥᠰ ᠡᠳᠤᠷ ᠲᠤᠳᠤᠮ ᠤᠨ ᠠᠮᠢᠳᠤᠷᠠᠯ ᠲᠤᠮᠳᠠ ᠪᠠᠨ ᠤᠬᠠᠮᠰᠠᠷ ᠲᠠᠢ ᠪᠠ ᠤᠬᠠᠮᠰᠠᠷ ᠥᠭᠡᠢ ᠪᠠᠷ ᠵᠢᠷᠤᠮᠯᠠᠨ ᠲᠠᠭᠠᠬᠤ ᠶᠤᠰᠤ ᠵᠠᠩᠰᠢᠯ ᠪᠤᠯᠵᠤ ᠤᠯᠠᠮᠵᠢᠯᠠᠭᠳᠠᠵᠤ ᠢᠷᠡᠭᠰᠡᠨ ᠪᠠᠶᠢᠨ᠎ᠠ᠃