ᠵᠤᠬᠢᠶᠠᠭᠴᠢ:
ᠴᠠᠭ:2019-08-20
ᠥᠵᠡᠭᠰᠡᠨ : ℃
ᠢᠷᠡᠯᠲᠡ:
ᠰᠦᠯᠹᠦᠩᠭᠠ ᠵᠣᠬᠢᠶᠠᠯ ᠪᠦᠳᠦᠭᠡᠯ ᠤᠨ ᠴᠢᠭᠣᠯᠭᠠ ᠭᠡᠪᠯᠡᠭᠳᠡᠨ ᠲᠠᠷᠬᠠᠭᠠᠭᠳᠠᠪᠠ
ᠬᠦᠬᠡᠬᠤᠳᠠ 8 ᠰᠠᠷ᠎ᠠ 20 ᠡᠳᠦᠷ ᠤᠨ ᠴᠠᠬᠢᠯᠭᠠᠨ ᠮᠡᠳᠡᠬᠡ ᠦᠪᠤᠷ ᠮᠣᠡᠭᠭᠤᠯ ᠤᠨ ᠦᠪᠡᠷᠳᠡᠭᠡᠨ ᠵᠠᠰᠠᠬᠤ ᠣᠷᠣᠨ ᠤ ᠴᠦᠬᠡᠨ ᠲᠤᠭᠠᠳᠣ ᠦᠨᠳᠦᠰᠦᠳᠡᠨ ᠤ ᠰᠣᠳᠣᠷ ᠪᠢᠴᠢᠭ᠌ ᠪᠤᠯᠤᠨ ᠭᠡᠰᠡᠷ ᠡᠮᠬᠢᠳᠭᠡᠨ ᠰᠣᠳᠣᠯᠬᠤ ᠠᠯᠪᠠᠨ ᠭᠡᠷ ᠡᠴᠡ ᠭᠤᠤᠯᠯᠠᠨ ᠡᠷᠬᠢᠯᠡᠵᠦ᠂ ᠪᠠᠭᠠᠷᠢᠨ ᠪᠠᠷᠠᠭᠣᠨ ᠬᠤᠰᠢᠭᠤᠨ ᠤ ᠦᠨᠳᠦᠰᠦᠳᠡᠨ ᠤ ᠭᠡᠷᠡᠭ ᠡᠷᠬᠢᠯᠡᠬᠦ ᠵᠦᠪᠯᠡᠯ᠂ ᠪᠠᠭᠠᠷᠢᠨ ᠪᠠᠷᠠᠭᠣᠨ ᠬᠤᠰᠢᠭᠤᠨ ᠤ ᠭᠡᠰᠡᠷ ᠰᠣᠶᠤᠯ ᠰᠣᠳᠣᠯᠤᠨ ᠲᠦᠪ ᠡᠴᠡ ᠬᠠᠮᠵᠢᠨ ᠡᠷᠬᠢᠯᠡᠭᠰᠡᠨ ᠭᠠᠪᠢᠶᠠᠳᠣ ᠵᠣᠬᠢᠶᠠᠯᠴᠢ᠂ ᠣᠷᠴᠢᠭᠣᠯᠣᠭᠴᠢ᠂ ᠨᠠᠶᠢᠷᠠᠭᠣᠯᠣᠭᠴᠢ᠂ ᠲᠦᠷᠦ ᠭᠡᠰᠡᠷᠴᠢ ᠰᠥᠯᠹᠤᠡᠭᠭᠠ ᠲᠤᠷᠠᠳᠬᠠᠬᠤ ᠪᠠ ᠰᠥᠯᠹᠤᠡᠭᠭᠠ ᠵᠤᠬᠢᠶᠠᠯ ᠪᠦᠳᠦᠭᠡᠯ ᠤᠨ ᠴᠢᠭᠤᠯᠭ᠎ᠠ ᠲᠡᠭᠡᠳᠣ ᠲᠣᠣᠷᠠᠳᠣ ᠬᠠᠨᠳᠢᠪᠯᠠᠬᠤ ᠶᠣᠰᠣᠯᠠᠯ ᠰᠣᠶᠤᠯ ᠤᠨ ᠵᠢᠳᠭᠦᠯᠳᠡᠨ ᠰᠦᠯᠹᠦᠩᠭᠠ ᠲᠦᠷᠦᠭᠰᠡᠨ ᠨᠣᠳᠣᠭ ᠣᠯᠠᠭᠠᠬᠠᠳᠠ ᠬᠣᠳᠡ ᠶ᠋ᠢᠨ ᠪᠠᠭᠠᠷᠢᠨ ᠪᠠᠷᠠᠭᠣᠨ ᠬᠤᠰᠢᠭᠤᠨ ᠳ᠋ᠥ ᠶᠠᠪᠣᠭᠳᠠᠵᠠᠢ᠃
ᠮᠣᠡᠭᠭᠤᠯ ᠰᠣᠶᠤᠯ ᠤᠨ ᠵᠢᠳᠭᠦᠯᠳᠡᠨ᠂ ᠲᠦᠷᠦ ᠭᠡᠰᠡᠷᠴᠢ ᠰᠦᠯᠹᠤᠡᠭᠭᠠ ᠮᠤᠡᠭᠭᠤᠯ᠂ ᠬᠢᠳᠡᠳ᠂ ᠮᠠᠨᠵᠦ᠂ ᠲᠦᠪᠡᠳ᠂ ᠶᠠᠫᠤᠨ ᠬᠡᠯᠡ ᠰᠠᠶᠢᠨ ᠮᠡᠳᠡᠳᠡᠭ ᠵᠣᠬᠢᠶᠠᠨ ᠪᠦᠳᠦᠭᠡᠬᠦ ᠪᠠ ᠰᠣᠳᠣᠯᠭᠠᠨ ᠤ ᠠᠵᠢᠯ ᠮᠠᠰᠢ ᠰᠢᠷᠭᠠᠭᠣ ᠬᠠᠳᠠᠭᠣᠵᠢᠯᠳᠠᠢ ᠣᠯᠠᠨ ᠵᠢᠯ ᠬᠢᠭᠰᠡᠨ ᠪᠠᠶᠢᠨ᠎ᠠ᠃ ᠲᠡᠷᠡᠪᠡᠷ ᠦᠪᠤᠷ ᠮᠣᠡᠭᠭᠤᠯ ᠤᠨ ᠠᠷᠡᠳ ᠤᠨ ᠭᠡᠪᠯᠡᠯ ᠤᠨ ᠬᠤᠷᠢᠶᠠᠨ ᠳ᠋ᠥ ᠠᠵᠢᠯᠯᠠᠵᠦ ᠪᠠᠶᠢᠬᠤ ᠳ᠋ᠠᠭᠠᠨ ᠰᠣᠶᠣᠯ ᠲᠡᠣᠬᠡ᠂ ᠵᠠᠩ ᠦᠢᠯᠨ᠂ ᠲᠠᠬᠢᠯᠭ᠎ᠠ ᠰᠣᠳᠣᠷ᠂ ᠵᠦᠴᠦᠭᠡ ᠬᠣᠯᠪᠣᠭ᠎ᠠ᠂ ᠠᠮᠠᠨ ᠦᠯᠢᠭᠡᠷ᠂ ᠠᠷᠠᠳ ᠤᠨ ᠲᠠᠭᠣᠣ᠂ ᠭᠡᠰᠡᠷ ᠤᠨ ᠦᠯᠢᠭᠡᠷ ᠲᠣᠣᠯᠢ᠂ ᠡᠷᠡᠬᠦᠯ ᠡᠩᠬᠡ ᠠᠮᠢᠳᠣᠷᠡᠯ ᠤᠨ ᠶᠡᠷᠦ ᠮᠡᠳᠡᠯᠭᠡ ᠵᠡᠷᠭᠡ ᠮᠠᠰᠢ ᠣᠯᠠᠨ ᠵᠣᠬᠢᠶᠠᠯ ᠪᠦᠳᠦᠭᠡᠯ ᠢ ᠵᠣᠬᠢᠶᠠᠨ ᠲᠣᠭᠣᠷᠪᠢᠭᠰᠠᠨ ᠪᠣᠶᠣ ᠣᠷᠴᠢᠭᠣᠯᠵᠣ ᠨᠠᠶᠢᠷᠠᠭᠣᠯᠣᠨ ᠬᠢᠨᠠᠬᠰᠠᠨ ᠪᠠᠶᠢᠨ᠎ᠠ᠃
ᠰᠥᠯᠹᠤᠡᠭᠭᠠ ᠵᠤᠬᠢᠶᠠᠯ ᠪᠦᠳᠦᠭᠡᠯ ᠤᠨ ᠴᠢᠭᠤᠯᠭ᠎ᠠ ᠭᠡᠰᠡᠷ ᠰᠣᠳᠣᠯᠤᠭᠠᠴᠢ ᠨᠡ • ᠪᠤᠶᠠᠡᠭᠡᠰᠢᠭ᠌ ᠪᠤᠯᠤᠨ ᠰᠦᠯᠹᠣᠡᠭᠭᠠ ᠤᠤᠭᠠᠨ ᠬᠦᠪᠡᠬᠦᠨ ᠦᠨᠡᠨᠪᠡᠶᠡᠷ ᠡᠮᠬᠢᠳᠭᠡᠨ ᠨᠠᠶᠢᠷᠠᠭᠤᠯᠵᠣ᠂ ᠡᠷᠳᠡᠮᠳᠡᠨ ᠦ • ᠰᠢᠨᠡᠪᠡᠶᠠᠷ ᠣᠷᠣᠰᠢᠯ ᠪᠢᠴᠢᠵᠠᠢ᠃ ᠰᠥᠯᠹᠤᠡᠭᠭᠠ ᠵᠤᠬᠢᠶᠠᠯ ᠪᠦᠳᠦᠭᠡᠯ ᠴᠢᠭᠤᠯᠭ᠎ᠠ ᠲᠡᠭᠡᠳᠣ ᠲᠣᠣᠷᠠᠳᠣ ᠦᠨ᠎ᠡ ᠴᠡᠨ᠎ᠡ ᠲᠠᠢ ᠨᠣᠮ ᠢ ᠪᠠᠭᠠᠷᠢᠨ ᠪᠠᠷᠠᠭᠣᠨ ᠬᠣᠰᠢᠭᠣᠨ ᠤ ᠡᠯ᠎ᠡ ᠲᠣᠮᠳᠠᠳᠣ ᠪᠠᠭ᠎ᠠ ᠰᠣᠷᠭᠠᠭᠤᠯᠢ᠂ ᠬᠤᠰᠢᠭᠤᠨ ᠤ ᠨᠣᠮ ᠤᠨ ᠰᠡᠡᠭ ᠪᠣᠯᠣᠨ ᠬᠤᠯᠪᠤᠬᠳᠡᠯ ᠪᠦᠬᠦᠢ ᠪᠠᠶᠢᠭᠤᠯᠭ᠎ᠠ ᠨᠢᠭᠡᠴᠨ ᠳ᠋ᠥ ᠪᠡᠯᠡᠭᠯᠡᠭᠰᠡᠨ ᠪᠠᠶᠢᠨ᠎ᠠ᠃