ᠵᠤᠬᠢᠶᠠᠭᠴᠢ:
ᠴᠠᠭ:2019-08-17
ᠥᠵᠡᠭᠰᠡᠨ : ℃
ᠢᠷᠡᠯᠲᠡ:
ᠦᠭᠡ ᠬᠡᠯᠡ ᠦᠰᠦᠭ ᠮᠡᠳᠡᠭᠡ ᠵᠠᠩᠬᠢᠴᠢᠯᠠᠯᠲᠠ ᠰᠢᠨ᠎ᠡ ᠳᠠᠪᠠᠯᠲᠠ — ᠮᠠᠰᠢᠨ ᠬᠠᠷᠭᠤᠭᠤᠯᠭ᠎ᠠ ᠰᠢᠰᠲ᠋ᠧᠮ ᠰᠢᠨ᠎ᠡ ᠪᠦᠲᠦᠬᠡᠭᠳᠡᠬᠦᠨ ᠮᠡᠨᠳᠦᠯᠡᠯ᠎ᠡ
2019 8 ᠰᠠᠷ᠎ᠠ 16 ᠦᠳᠡ ᠬᠤᠶᠢᠨ᠎ᠠ᠂ ᠥᠪᠥᠷ ᠶᠡᠭᠡ ᠰᠤᠷᠭᠠᠭᠤᠯᠢ ᠳᠤ ᠮᠠᠰᠢᠨ ᠬᠠᠷᠭᠤᠭᠤᠯᠭ᠎ᠠ ᠰᠢᠰᠲ᠋ᠧᠮ ᠰᠢᠨ᠎ᠡ ᠲᠠᠷᠬᠠᠭᠠᠯᠲᠠ ᠶᠣᠰᠣᠯᠠᠯ ᠵᠢᠴᠢ ᠰᠣᠳᠣᠯᠣᠨ ᠶᠠᠷᠢᠯᠴᠠᠬᠤ ᠬᠤᠷᠠᠯ ᠬᠤᠷᠠᠯᠳᠤᠵᠤ ᠂ ᠴᠤᠯᠤ ᠲᠧᠺᠰᠲ ᠬᠠᠷᠭᠤᠭᠤᠯᠭ᠎ᠠ ᠰᠢᠰᠲ᠋ᠧᠮ 6.0 ᠪᠠᠷᠯᠠᠯ Mongolian Editor For Plain Text 6.0 ᠪᠠ PDF ᠬᠠᠷᠭᠤᠭᠤᠯᠭ᠎ᠠ ᠰᠢᠰᠲ᠋ᠧᠮ 1.2 ᠪᠠᠷᠯᠠᠯ Mongolian Editor For PDF 1.2 ᠬᠤᠶᠠᠷ ᠰᠢᠨ᠎ᠡ ᠵᠢᠩᠬᠢᠨᠢ ᠪᠠᠷ ᠲᠠᠷᠬᠠᠭᠠᠵᠠᠢ᠃ ᠡᠨᠡ ᠨᠢ ᠦᠭᠡ ᠬᠡᠯᠡ ᠦᠰᠦᠭ ᠮᠡᠳᠡᠭᠡ ᠵᠠᠩᠬᠢᠴᠢᠯᠠᠯᠲᠠ᠂ ᠬᠡᠯᠡᠨ ᠤ ᠡᠬᠢ ᠪᠠᠶᠠᠯᠢᠭ ᠲᠣᠭᠠᠴᠠᠯᠲᠠ ᠪᠠ ᠢᠨᠲ᠋ᠧᠷᠴᠢᠯᠠᠯᠲᠠ ᠶᠢ ᠠᠬᠢᠭᠤᠯᠬᠤ ᠮᠦᠷᠲᠡᠭᠡᠨ ᠰᠣᠨᠢᠨ ᠮᠡᠳᠡᠭᠡ ᠬᠡᠪᠯᠡᠯ ᠬᠢᠨ ᠤ ᠠᠵᠢᠯ ᠦᠷ᠎ᠡ ᠪᠦᠲᠦᠮᠵᠢ ᠵᠢᠴᠢ ᠪᠠᠭᠠᠴᠤᠳ ᠤᠨ ᠦᠭᠡ ᠬᠡᠯᠡ ᠦᠰᠦᠭ ᠵᠥᠪ ᠡᠵᠡᠮᠰᠢᠬᠦ ᠳᠤ ᠶᠡᠬᠡᠬᠡᠨ ᠲᠤᠰᠠ ᠳᠡᠮᠵᠢᠯᠭᠡ ᠪᠣᠯᠣᠨ᠎ᠠ ᠭᠡᠵᠦ ᠡᠷᠳᠡᠮᠲᠡᠳ ᠦᠵᠡᠵᠡᠭᠡᠵᠡᠢ᠃
ᠲᠤᠰ ᠬᠠᠷᠭᠤᠭᠤᠯᠭ᠎ᠠ ᠰᠢᠰᠲ᠋ᠧᠮ ᠢ ᠥᠪᠥᠷ ᠶᠡᠭᠡ ᠰᠤᠷᠭᠠᠭᠤᠯᠢ ᠰᠣᠳᠣᠯᠣᠯ ᠳᠡᠭᠡᠳᠦ ᠰᠤᠷᠭᠠᠭᠤᠯᠢ ᠰ᠊ • ᠯᠣᠭᠯᠣ ᠫᠷᠣᠹᠧᠰᠰᠣᠷ ᠳᠠᠭᠠᠭᠤᠯᠤᠭᠰᠠᠨ ᠰᠢᠨᠵᠢᠯᠡᠭᠡᠨ ᠤ ᠳᠤᠭᠤᠶᠢᠯᠠᠩ ᠤᠨ ᠬᠢᠨ 2006 ᠣᠨ ᠡᠬᠢᠯᠡᠵᠦ ᠠᠳᠠᠯᠢ ᠪᠣᠰᠤ ᠬᠡᠷᠡᠭᠯᠡᠭᠡᠨ ᠤ ᠱᠠᠭᠠᠷᠳᠠᠯᠭ᠎ᠠ ᠳᠤ ᠵᠣᠬᠢᠴᠠᠭᠤᠯᠤᠨ ᠲᠠᠰᠤᠷᠠᠯᠲᠠ ᠦᠭᠡᠢ ᠲᠡᠭᠦᠯᠳᠡᠷᠵᠢᠭᠦᠯᠦᠨ ᠰᠠᠶᠢᠵᠢᠷᠠᠭᠤᠯᠵᠤ ᠪᠠᠶᠢᠭᠠᠳ ᠦᠢᠯᠡᠳᠦᠨ ᠶᠤᠮ᠃ ᠲᠡᠳᠡ ᠮᠠᠰᠢᠨ ᠬᠠᠷᠭᠤᠭᠤᠯᠭ᠎ᠠ ᠰᠢᠰᠲ᠋ᠧᠮ ᠤᠨ ᠣᠨᠣᠪᠴᠢ ᠬᠡᠮᠵᠢᠶ᠎ᠡ ᠪᠠᠨ ᠲᠠᠰᠤᠷᠠᠯᠲᠠ ᠦᠭᠡᠢ ᠨᠡᠮᠡᠭᠳᠡᠭᠦᠯᠬᠦ ᠳᠠᠭᠠᠤ ᠳᠤ ᠴᠢᠳᠠᠮᠵᠢ ᠪᠠᠨ ᠪᠦᠷᠢᠨᠰᠢᠭᠦᠯᠵᠦ ᠣᠳᠤ ᠪᠣᠯᠬᠤ ᠳᠤ᠂ ᠬᠠᠷᠭᠤᠭᠤᠯᠬᠤ ᠴᠢᠳᠠᠮᠵᠢ᠂ ᠨᠠᠶᠢᠷᠠᠭᠤᠯᠬᠤ ᠴᠢᠳᠠᠮᠵᠢ᠂ ᠺᠣᠳ᠋ ᠬᠦᠷᠪᠡᠭᠦᠯᠬᠦ ᠴᠢᠳᠠᠮᠵᠢ᠂ ᠯᠠᠲ᠋ᠢᠨ ᠭᠠᠯᠢᠭ ᠪᠠᠭᠤᠯᠭᠠᠬᠤ ᠴᠢᠳᠠᠮᠵᠢ᠂ ᠦᠭᠡᠰ ᠬᠢᠬᠦ ᠴᠢᠳᠠᠮᠵᠢ᠂ ᠦᠶ᠎ᠡ ᠪᠠᠷ ᠰᠠᠯᠭᠠᠬᠤ ᠴᠢᠳᠠᠮᠵᠢ᠂ ᠦᠰᠦᠭ ᠪᠦᠷᠢᠳᠬᠡᠬᠦ ᠴᠢᠳᠠᠮᠵᠢ ᠵᠡᠷᠭᠡ ᠮᠡᠳᠡᠭᠡ ᠵᠠᠩᠬᠢ ᠰᠢᠢᠳᠪᠦᠷᠢᠯᠡᠯᠲᠡ ᠣᠯᠠᠨ ᠲᠠᠯ᠎ᠠ ᠴᠢᠳᠠᠮᠵᠢ ᠪᠦᠷᠢᠲᠦᠭᠦᠯᠦᠭᠰᠡᠨ ᠬᠡᠷᠡᠭᠯᠡᠭᠡᠨ ᠤ ᠰᠣᠹᠲ ᠃
ᠲᠤᠰ ᠰᠢᠰᠲ᠋ᠧᠮ ᠨᠢ ᠣᠳᠣᠬᠠᠨ ᠤ ᠬᠡᠷᠡᠭᠯᠡᠵᠦ ᠪᠠᠶᠢᠭ᠎ᠠ ᠤᠨ ᠬᠡᠳᠦᠨ ᠵᠦᠢᠯ ᠤᠨ ᠺᠣᠳ᠋ ᠤᠨ ᠰᠢᠰᠲ᠋ᠧᠮ ᠳᠤ ᠴᠦᠮ ᠵᠣᠬᠢᠴᠠᠬᠤ ᠮᠦᠷᠲᠡᠭᠡᠨ ᠴᠣᠯᠣ ᠲᠧᠺᠰᠲ ᠮᠠᠲ᠋ᠧᠷᠢᠶᠠᠯ *.txt ᠂ Microsoft Word ᠮᠠᠲ᠋ᠧᠷᠢᠶᠠᠯ Word XML ᠂ ᠹᠠᠩ ᠵᠧᠩ ᠪᠠᠷᠯᠠᠯ ᠰᠢᠰᠲ᠋ᠧᠮ ᠵᠠᠳᠠᠭᠠᠢ ᠮᠠᠲ᠋ᠧᠷᠢᠶᠠᠯ *.mbd ᠂ PDF ᠮᠠᠲ᠋ᠧᠷᠢᠶᠠᠯ᠂ PS ᠮᠠᠲ᠋ᠧᠷᠢᠶᠠᠯ᠂ XPS ᠮᠠᠲ᠋ᠧᠷᠢᠶᠠᠯ ᠢ ᠰᠢᠢᠳᠪᠦᠷᠢᠯᠡᠵᠦ ᠴᠢᠳᠠᠬᠤ ᠪᠣᠯᠬᠤᠷ ᠨᠣᠮ ᠂ ᠰᠣᠨᠢᠨ ᠰᠡᠳᠭᠦᠯ᠂ ᠠᠯᠪᠠᠨ ᠂ ᠦᠭᠦᠯᠡᠯ ᠵᠣᠬᠢᠶᠠᠯ ᠤᠨ ᠬᠠᠷᠭᠤᠭᠤᠯᠭ᠎ᠠ ᠳᠤ ᠴᠦᠮ ᠲᠣᠬᠢᠷᠠᠳᠠᠭ᠃ ᠳᠠᠭᠤᠳᠠᠯᠭ᠎ᠠ ᠠᠯᠳᠠᠭ᠎ᠠ ᠠᠦ᠋ᠲ᠋ᠦ᠋ᠴᠢᠯᠠᠨ ᠵᠠᠯᠠᠷᠠᠭᠤᠯᠬᠤ᠂ ᠲᠠᠰᠢᠶ᠎ᠠ ᠪᠢᠴᠢᠯᠭᠡ ᠪᠠᠶᠢᠴᠠᠭᠠᠬᠤ ᠪᠠ ᠺᠣᠳ᠋ ᠬᠦᠷᠪᠡᠭᠦᠯᠬᠦ ᠣᠨᠣᠪᠴᠢ ᠬᠡᠮᠵᠢᠶ᠎ᠡ ᠨᠢ ᠲᠤᠰ ᠲᠤᠰ 98%᠂ 90% ᠪᠠ 99% ᠪᠣᠯᠵᠠᠢ᠃
ᠲᠤᠰ ᠤᠳᠠᠭᠠᠨ ᠤ ᠠᠵᠢᠯᠯᠠᠭ᠎ᠠ ᠥᠪᠥᠷ ᠶᠡᠭᠡ ᠰᠤᠷᠭᠠᠭᠤᠯᠢ᠂ ᠥᠪᠥᠷ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂ ᠥᠪᠥᠷ ᠬᠡᠯᠡ ᠵᠠᠩᠬᠢᠴᠢᠯᠠᠯᠲᠠ ᠰᠢᠨᠵᠢᠯᠡᠭᠡᠨ ᠤ ᠬᠠᠮᠲᠤᠷᠠᠨ ᠵᠣᠬᠢᠶᠠᠨ ᠪᠠᠶᠢᠭᠤᠯᠵᠤ᠂ ᠥᠪᠥᠷ ᠶᠡᠭᠡ ᠰᠤᠷᠭᠠᠭᠤᠯᠢ ᠰᠤᠳᠤᠯᠤᠯ ᠳᠡᠭᠡᠳᠦ ᠰᠤᠷᠭᠠᠭᠤᠯᠢ ᠳᠠᠭᠠᠭᠠᠴᠢᠯᠠᠨ ᠡᠷᠬᠢᠯᠡᠭᠰᠡᠨ ᠪᠠᠶᠢᠨ᠎ᠠ᠃ ᠲᠠᠷᠬᠠᠭᠠᠯᠲᠠ ᠶᠣᠰᠣᠯᠠᠯ ᠳᠡᠭᠡᠷ᠎ᠡ᠂ ᠰᠢᠨᠵᠢᠯᠡᠭᠡᠨ ᠤ ᠳᠤᠭᠤᠶᠢᠯᠠᠩ ᠤᠨ ᠬᠢᠨ ᠤᠯᠠᠭᠠᠨᠬᠠᠳᠠ ᠬᠤᠲᠠ᠂ ᠲᠥᠩᠯᠢᠶᠣᠣ ᠬᠤᠲᠠ ᠪᠠ ᠠᠶᠢᠮᠠᠭ ᠦᠨᠳᠦᠰᠦᠲᠡᠨ ᠤ ᠳᠤᠮᠳᠠᠳᠤ ᠪᠠᠭ᠎ᠠ ᠰᠤᠷᠭᠠᠭᠤᠯᠢ ᠳᠤ ᠲᠤᠰ ᠲᠤᠰ 150 ᠢᠵᠢ᠂ 100 ᠢᠵᠢ᠂ 100 ᠢᠵᠢ ᠠᠦ᠋ᠲ᠋ᠣ᠋ ᠬᠠᠷᠭᠤᠭᠤᠯᠭ᠎ᠠ ᠰᠢᠰᠲ᠋ᠧᠮ ᠬᠠᠨᠳᠢᠪᠯᠠᠨ ᠪᠡᠯᠡᠭᠯᠡᠭᠰᠡᠨ ᠪᠠᠶᠢᠨ᠎ᠠ᠃