ᠵᠤᠬᠢᠶᠠᠭᠴᠢ:
ᠴᠠᠭ:2019-08-16
ᠥᠵᠡᠭᠰᠡᠨ : ℃
ᠢᠷᠡᠯᠲᠡ:
ᠮᠠᠨ ᠤ ᠤᠯᠤᠰ ᠤᠨ ᠠᠳᠤᠭᠤᠨ ᠰᠤᠶᠤᠯ ᠤᠨ ᠭᠤᠤᠯ ᠰᠡᠳᠤᠪᠳᠤ ᠠᠩᠬᠠᠨ ᠤ ᠰᠢᠤᠳᠠᠨ ᠤ ᠲᠤᠪᠴᠢᠶ᠎ᠠ ᠦᠪᠦᠷ ᠮᠤᠩᠭ᠋ᠤᠯ ᠳᠤ ᠪᠠᠶᠢᠭᠤᠯᠤᠭᠳᠠᠪᠠ
2019 ᠣᠨ ᠤ 8 ᠳ᠋ᠤᠭᠠᠷ ᠰᠠᠷ᠎ᠠ ᠶᠢᠨ18 ᠤ ᠦᠳᠡ ᠡᠴᠡ ᠬᠤᠶᠢᠰᠢ᠂ ᠮᠠᠨ ᠤ ᠤᠯᠤᠰ ᠤᠨ ᠠᠳᠤᠭᠤᠨ ᠰᠤᠶᠤᠯ ᠤᠨ ᠭᠤᠤᠯ ᠰᠡᠳᠤᠪᠳᠤ ᠠᠩᠬᠠᠨ ᠤ ᠰᠢᠤᠳᠠᠨ ᠤ ᠲᠤᠪᠴᠢᠶ᠎ᠠ ᠦᠪᠦᠷ ᠮᠤᠩᠭ᠋ᠤᠯ ᠤᠨ ᠬᠦᠬᠡᠬᠤᠳᠠ ᠳᠤ ᠪᠠᠶᠢᠭᠤᠯᠤᠭᠳᠠᠪᠠ᠃
ᠲᠤᠰ ᠭᠤᠤᠯ ᠰᠡᠳᠤᠪᠳᠤ ᠰᠢᠤᠳᠠᠨ ᠤ ᠲᠤᠪᠴᠢᠶᠠᠨ ᠤ ᠪᠠᠷᠢᠯᠭ᠎ᠠ ᠶᠢᠨ ᠵᠠᠭᠪᠤᠷ ᠨᠢ ᠮᠤᠩᠭ᠋ᠤᠯ ᠬᠡᠷ᠂ ᠦᠨᠳᠦᠰᠦᠳᠡᠨ ᠤ ᠦᠪᠡᠷᠮᠢᠴᠡ ᠰᠤᠶᠤᠯ ᠤᠨ ᠪᠦᠲᠦᠭᠡᠭᠳᠡᠬᠦᠨ᠂ ᠵᠠᠬᠢᠳᠠᠯ ᠤᠨ ᠺᠠᠷᠲ᠂ ᠮᠡᠨᠳᠤᠴᠢᠯᠡᠬᠡ ᠶᠢᠨ ᠺᠠᠷᠲ᠂ ᠨᠤᠮ ᠤᠨ ᠱᠤᠰᠢᠭ᠎ᠠ᠂ ᠲᠤᠷᠠᠰᠬᠠᠯᠳᠤ ᠵᠠᠬᠢᠳᠠᠯ ᠤᠨ ᠬᠠᠭᠤᠳᠠᠰᠤ ᠵᠢᠴᠢ ᠠᠮᠢᠳᠤᠷᠠᠯ ᠤᠨ ᠬᠡᠷᠡᠭᠰᠡᠯ ᠢ ᠪᠠᠭᠳᠠᠭᠠᠨ ᠲᠦᠪᠯᠡᠷᠡᠩᠬᠦᠢ ᠲᠡᠯᠬᠡᠨ ᠦᠵᠡᠬᠦᠯᠬᠦ ᠶᠢᠨ ᠬᠠᠮᠳᠤ ᠪᠤᠷᠤᠯᠠᠭᠤᠯᠵᠤ ᠪᠠᠶᠢᠳᠠᠭ᠃ ᠡᠳᠡᠬᠡᠷ ᠰᠤᠶᠤᠯ ᠤᠨ ᠪᠦᠲᠦᠭᠡᠭᠳᠡᠬᠦᠨ ᠨᠢ ᠠᠳᠤᠭᠤᠨ ᠰᠤᠶᠤᠯ ᠢᠶᠡᠷ ᠲᠦᠯᠦᠭᠡᠯᠡᠬᠦᠯᠦᠭᠰᠡᠨ ᠦᠪᠦᠷ ᠮᠤᠩᠭ᠋ᠤᠯ ᠤᠨ ᠦᠨᠳᠤᠰᠦᠳᠡᠨ ᠤ ᠰᠤᠶᠤᠯ ᠢ ᠰᠢᠰᠲ᠋ᠧᠮ ᠲᠠᠢ ᠬᠠᠷᠠᠭᠤᠯᠤᠭᠰᠠᠨ ᠪᠠᠶᠢᠨ᠎ᠠ᠃
ᠲᠤᠮᠳᠠᠳᠤ ᠤᠯᠤᠰ ᠤᠨ ᠰᠢᠤᠳᠠᠨ ᠤ ᠪᠦᠯᠦᠭᠯᠡᠯᠲᠦ ᠺᠤᠮᠫᠠᠨᠢ ᠶᠢᠨ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠬᠤᠪᠢᠶᠠᠷᠢ ᠺᠤᠮᠫᠠᠨᠢ ᠶᠢᠨ ᠶᠡᠷᠦᠩᠬᠡᠢ ᠵᠠᠬᠢᠷᠤᠯ ᠼᠠᠢ ᠮᠢᠩ ᠾᠦᠢ ᠬᠡᠯᠡᠬᠦ ᠳᠡᠬᠡᠨ᠂ ᠪᠦᠬᠦ ᠤᠯᠤᠰ ᠲᠤ ᠠᠳᠤᠭᠤᠨ ᠰᠤᠶᠤᠯ ᠢᠶᠡᠷ ᠭᠤᠤᠯ ᠰᠡᠳᠦᠪ ᠪᠤᠯᠭᠠᠭᠰᠠᠨ ᠠᠩᠬᠠᠨ ᠤ ᠦᠪᠡᠷᠮᠢᠴᠡ ᠰᠢᠤᠳᠠᠨ ᠤ ᠲᠤᠪᠴᠢᠶ᠎ᠠ ᠪᠠᠶᠢᠭᠤᠯᠤᠭᠰᠠᠨ ᠶᠠᠪᠤᠳᠠᠯ ᠨᠢ ᠰᠢᠤᠳᠠᠨ ᠤ ᠲᠤᠪᠴᠢᠶ᠎ᠠ ᠶᠢᠨ ᠬᠤᠳᠠ ᠬᠦᠳᠡᠬᠡ ᠶᠢ ᠪᠦᠷᠬᠦᠭᠰᠡᠨ ᠰᠦᠯᠵᠢᠶ᠎ᠡ ᠶᠢᠨ ᠡᠬᠢ ᠪᠠᠶᠠᠯᠢᠭ ᠤᠨ ᠲᠠᠪᠠᠭᠤᠯᠢᠭ ᠢ ᠬᠦᠢᠴᠡᠳ ᠪᠠᠳᠠᠷᠠᠭᠤᠯᠤᠨ᠂ ᠮᠤᠩᠭ᠋ᠤᠯ ᠮᠤᠷᠢᠨ ᠤ ᠵᠤᠷᠢᠭ ᠰᠠᠨᠠᠭ᠎ᠠ ᠶᠢ ᠤᠯᠠᠮᠵᠢᠯᠠᠵᠤ᠂ ᠦᠪᠦᠷ ᠮᠤᠩᠭ᠋ᠤᠯ ᠤᠨ ᠠᠳᠤᠭᠤᠨ ᠰᠤᠶᠤᠯ ᠢ ᠤᠬᠠᠭᠤᠯᠵᠤ᠂ ᠦᠪᠦᠷ ᠮᠤᠩᠭ᠋ᠤᠯ ᠤᠨ ᠣᠷᠣᠨ ᠪᠦᠰᠡ ᠶᠢᠨ ᠰᠤᠶᠤᠯ ᠤᠨ ᠦᠪᠡᠷᠮᠢᠴᠠ ᠪᠦᠲᠦᠭᠡᠭ᠍ᠳᠡᠬᠦᠨ ᠢ ᠬᠦᠭ᠍ᠵᠢᠬᠦᠯᠬᠦ ᠳᠤ ᠲᠤᠰᠠᠯᠠᠬᠤ ᠶᠢᠨ ᠬᠠᠮᠳᠤ ᠰᠤᠶᠤᠯ ᠤᠨ ᠦᠪᠡᠷᠮᠢᠴᠡ ᠲᠡᠮᠳᠡᠭ ᠢ ᠴᠤᠭᠴᠠᠯᠠᠨ᠎ᠠ ᠬᠡᠪᠡ᠃