ᠵᠤᠬᠢᠶᠠᠭᠴᠢ:
ᠴᠠᠭ:2019-08-09
ᠥᠵᠡᠭᠰᠡᠨ : ℃
ᠢᠷᠡᠯᠲᠡ:
ᠪᠠᠶᠢᠭᠠᠯᠢ ᠶᠢᠨ ᠥᠵᠡᠭᠳᠠᠯ ᠤᠨ ᠲᠥᠷᠰᠤ ᠶᠢᠨ ᠪᠡᠯᠭᠡᠳᠠᠯ
ᠮᠤᠩᠭᠤᠯᠴᠤᠳ ᠪᠠᠶᠢᠭᠠᠯᠢ ᠶᠢᠨ ᠥᠵᠡᠭᠳᠠᠯ ᠤᠳ ᠤᠨ ᠲᠤᠳᠤᠷ᠎ᠠ ᠠᠴᠠ ᠠᠵᠤ ᠠᠮᠢᠳᠤᠷᠠᠯ ᠲᠠᠢ ᠨᠢ ᠨᠢᠭᠳᠠ ᠬᠤᠯᠪᠤᠭᠳᠠᠯ ᠲᠠᠢ ᠰᠢᠳᠥᠯᠭᠡ ᠪᠢᠰᠢᠷᠠᠯ ᠤᠨ ᠥᠢᠯᠠᠭᠠᠯᠳᠠ ᠲᠠᠢ ᠨᠢ ᠬᠤᠯᠪᠤᠭᠳᠠᠭᠰᠠᠨ ᠲᠥᠷᠰᠤ ᠶᠢ ᠲᠡᠭᠡᠳᠤᠯᠡᠨ ᠭᠥᠨᠳᠤᠳᠭᠡᠵᠥ᠂ ᠠᠳᠠᠯᠢ ᠪᠤᠰᠤ ᠪᠡᠯᠭᠡᠳᠠᠯ ᠤᠳᠬ᠎ᠠ ᠪᠠᠷ ᠤᠯᠠᠮᠵᠢᠯᠠᠵᠤ ᠲᠠᠯᠭᠡᠷᠡᠭᠦᠯᠥᠭᠰᠡᠨ ᠪᠠᠶᠢᠳᠠᠭ᠃ ᠡᠭᠦᠨ ᠳᠤ᠂ ᠨᠠᠷᠠ᠂ ᠰᠠᠷ᠎ᠠ᠂ ᠤᠳᠤ ᠶᠢ ᠲᠡᠭᠡᠳᠤᠯᠡᠨ ᠰᠢᠳᠥᠳᠡᠭ ᠤᠨ ᠤᠯᠠᠮ ᠢᠶᠠᠷ ᠲᠥᠭᠦᠷᠢᠭ ᠲᠥᠷᠰᠤ ᠶᠢ ᠡᠷᠭᠢᠮᠯᠡᠭᠦ ᠨᠢ ᠲᠥᠷᠰᠤ ᠶᠢᠨ ᠪᠡᠯᠭᠡᠳᠠᠯ ᠳᠤ ᠤᠯᠠ ᠰᠠᠭᠤᠷᠢ ᠲᠠᠢ ᠥᠨᠳᠤᠰᠤᠯᠠᠵᠤ᠂ ᠥᠷᠭᠡᠨ ᠭᠡᠪᠴᠢᠶᠠᠨ ᠳᠤ ᠤᠯᠠᠮᠵᠢᠯᠠᠭᠳᠠᠵᠠᠢ᠃
ᠨᠠᠷᠠ᠂ ᠰᠠᠷ᠎ᠠ᠂ ᠤᠳᠤᠨ ᠤ ᠲᠥᠷᠰᠤ ᠠᠴᠠ ᠡᠭᠦᠰᠪᠤᠷᠢᠯᠡᠭᠰᠡᠨ ᠲᠥᠭᠦᠷᠢᠭ ᠲᠥᠷᠰᠤ ᠶᠢᠨ ᠪᠡᠯᠭᠡᠳᠠᠯ ᠳᠤ᠂ ᠮᠤᠩᠭᠤᠯᠴᠤᠳ ᠤᠨ ᠤᠯᠠᠮᠵᠢᠯᠠᠯᠳᠤ ᠤᠷᠤᠨ ᠰᠠᠭᠤᠴᠠ ᠪᠤᠯᠬᠤ ᠮᠤᠩᠭᠤᠯ ᠭᠡᠷ ᠤᠨ ᠭᠡᠯᠪᠡᠷᠢ ᠲᠥᠷᠰᠤ ᠨᠢ ᠲᠥᠯᠥᠭᠡᠯᠡᠭᠴᠢ ᠪᠤᠯᠬᠤ ᠶᠤᠮ᠃ ᠭᠥᠭᠡ ᠲᠡᠭᠷᠢ ᠶᠢ ᠪᠠᠷᠠᠯᠠᠭᠴᠢ ᠲᠤᠭᠤᠨᠤ ᠨᠢ ᠲᠥᠭᠦᠷᠢᠭ᠂ ᠭᠥᠷᠥᠰᠤᠳᠤ ᠭᠠᠵᠠᠷ ᠲᠤ ᠲᠤᠯᠤᠭᠴᠢ ᠬᠠᠨ᠎ᠠ ᠨᠢ ᠲᠥᠭᠦᠷᠢᠭ᠂ ᠰᠥᠯᠵᠢᠨ ᠲᠤᠭᠳᠠᠵᠤ ᠪᠠᠳᠤᠵᠢᠭᠰᠠᠨ ᠪᠠᠭᠤᠷᠢ ᠨᠢ ᠲᠥᠭᠦᠷᠢᠭ᠂ ᠭᠥᠭᠵᠢᠯ ᠪᠠᠳᠠᠷᠠᠯ ᠢ ᠪᠡᠯᠭᠡᠳᠡᠭᠰᠡᠨ ᠲᠤᠯᠭ᠎ᠠ ᠨᠢ ᠲᠥᠭᠦᠷᠢᠭ ᠪᠠᠶᠢᠳᠠᠭ᠃ ᠡᠷᠳᠠᠨ ᠤ ᠮᠤᠩᠭᠤᠯᠴᠤᠳ ᠤᠨ ᠠᠩ ᠠᠩᠨᠠᠯ ᠤᠨ ᠭᠡᠯᠪᠡᠷᠢ ᠶᠢᠨ ᠭᠥᠷᠢᠶ᠎ᠠ ᠠᠪᠠ᠂ ᠠᠶᠢᠯ ᠬᠤᠳᠠ ᠪᠠᠭᠤᠳᠠᠯᠯᠠᠬᠤ ᠭᠥᠷᠢᠶ᠎ᠠ ᠪᠠᠭᠤᠳᠠᠯ᠂ ᠴᠢᠩᠭᠢᠰ ᠬᠠᠭᠠᠨ ᠤ ᠴᠡᠷᠢᠭ ᠲᠠᠶᠢᠨ ᠤ ᠵᠢᠭᠰᠠᠭᠠᠯ ᠳᠠᠬᠢ ᠪᠢᠳᠡᠭᠦᠥ ᠬᠥᠷᠢᠶ᠎ᠠ᠂ ᠨᠤᠮᠤᠨ ᠭᠥᠷᠢᠶ᠎ᠠ᠂ ᠰᠠᠵᠢᠭᠦᠷ ᠭᠥᠷᠢᠶ᠎ᠠ᠂ ᠬᠠᠰᠢᠯᠭ᠎ᠠ ᠭᠥᠷᠢᠶ᠎ᠠ᠂ ᠡᠭᠦᠳᠠ ᠲᠠᠢ ᠭᠥᠷᠢᠶ᠎ᠠ᠂ ᠥᠳᠥᠭᠡᠯᠭᠡ ᠭᠥᠷᠢᠶ᠎ᠠ᠂ ᠲᠥᠷᠡᠯᠭᠡ ᠭᠥᠷᠢᠶ᠎ᠠ ᠪᠤᠯᠤᠨ ᠡᠷᠳᠠᠨ ᠤ ᠤᠯᠠᠮᠵᠢᠯᠠᠯᠳᠤ ᠲᠠᠭᠢᠯᠭ᠎ᠠ ᠶᠢᠨ ᠤᠪᠤᠭᠠᠨ ᠤ ᠰᠠᠭᠤᠷᠢ ᠨᠢ ᠲᠥᠭᠦᠷᠢᠭ ᠵᠠᠷᠭᠡ ᠭᠡᠭᠦ ᠮᠠᠳᠤ ᠲᠥᠭᠦᠷᠢᠭ ᠲᠥᠷᠰᠤ ᠨᠢ ᠲᠡᠭᠦᠰ ᠲᠥᠭᠦᠷᠠᠩ᠂ ᠪᠥᠭᠦᠯᠢ ᠪᠥᠳᠤᠨ ᠤ ᠪᠡᠯᠭᠡᠳᠠᠯ ᠤᠳᠬ᠎ᠠ ᠶᠢ ᠢᠯᠠᠳᠭᠡᠳᠡᠭ᠃
ᠥᠵᠠᠮᠵᠢᠳᠤ ᠰᠤᠯᠤᠩᠭ᠎ᠠ ᠶᠢᠨ ᠨᠤᠮᠤᠨ ᠭᠡᠯᠪᠡᠷᠢ᠂ ᠡᠭᠦᠯᠠ ᠮᠠᠨᠠᠨ ᠤ ᠲᠥᠮᠡᠨ ᠬᠤᠪᠢᠷᠠᠯ ᠲᠠᠢ ᠡᠯᠳᠡᠪ ᠲᠥᠷᠰᠤ ᠨᠦᠭᠦᠳ ᠨᠢ ᠴᠤ ᠮᠤᠩᠭᠤᠯᠴᠤᠳ ᠤᠨ ᠬᠠᠷᠠᠭᠠᠨ ᠰᠠᠷᠠᠯ ᠳᠤ ᠲᠤᠳᠤᠷᠠᠬᠤ ᠳᠤ ᠪᠠᠨ ᠭᠤᠸ᠎ᠠ ᠥᠵᠠᠮᠵᠢ ᠶᠢᠨ ᠰᠠᠳᠭᠢᠭ᠍ᠳᠡᠯ ᠲᠥᠷᠥᠭᠳᠡᠭᠦᠯᠥᠭᠰᠡᠨ ᠢᠶᠠᠷ ᠰᠤᠯᠤᠩᠭ᠎ᠠ ᠭᠡ᠂ ᠡᠭᠦᠯᠠᠨ ᠭᠡ ᠶᠢᠨ ᠤᠭᠠᠯᠵᠠ ᠲᠥᠷᠰᠤ ᠶᠢ ᠡᠭᠦᠰᠪᠤᠷᠢᠯᠡᠭᠦᠯᠵᠥ᠂ ᠰᠠᠶᠢᠨ ᠰᠠᠶᠢᠬᠠᠨ ᠤ ᠪᠡᠯᠭᠡᠳᠠᠯ ᠤᠳᠬ᠎ᠠ ᠶᠢ ᠢᠯᠡᠷᠭᠡᠶᠢᠯᠡᠵᠤ ᠪᠠᠶᠢᠳᠠᠭ᠃ ᠥᠨᠳᠤᠷ ᠰᠥᠷᠯᠢᠭ ᠠᠭᠤᠯᠠ᠂ ᠡᠭ᠍ᠴᠠ ᠪᠤᠰᠤᠭ᠎ᠠ ᠬᠠᠳᠠ᠂ ᠤᠷᠤᠰᠬᠠᠯ ᠲᠥᠯᠭᠡᠨ ᠭᠤᠤᠯ ᠮᠥᠷᠠᠨ ᠤ ᠥᠵᠠᠮᠵᠢ ᠪᠠᠶᠢᠳᠠᠯ ᠠᠴᠠ ᠰᠠᠳᠭᠢᠭ᠍ᠳᠡᠨ ᠲᠥᠷᠥᠭᠳᠡᠭᠰᠡᠨ ᠪᠤᠰᠤᠭ᠎ᠠ ᠭᠡ᠂ ᠤᠰᠤᠨ ᠭᠡ ᠨᠢ ᠥᠭᠡᠳᠡᠯᠡᠯ ᠮᠠᠨᠳᠤᠯ᠂ ᠥᠷᠭᠦᠯᠵᠢᠯᠡᠯ ᠵᠠᠯᠭᠠᠮᠵᠢᠯᠠᠯ ᠢ ᠪᠡᠯᠭᠡᠳᠠᠨ ᠵᠥᠡᠭᠨᠡᠳᠡᠭ᠃ ᠥᠡᠭᠭᠡ ᠶᠢᠨ ᠴᠡᠴᠡᠭ᠂ ᠡᠪᠠᠰᠤ ᠮᠤᠳᠤᠨ ᠤ ᠥᠵᠠᠮᠵᠢ ᠪᠠᠶᠢᠳᠠᠯ᠂ ᠥᠯᠴᠢᠷ ᠴᠢᠭᠢᠷᠠᠭ ᠨᠢ ᠭᠤᠸ᠎ᠠ ᠲᠠᠭᠠᠰᠢᠶᠠᠯ᠂ ᠪᠢᠰᠢᠷᠠᠯ ᠭᠠᠶᠢᠬᠠᠯ ᠤᠨ ᠰᠠᠳᠭᠢᠯᠭᠡ ᠶᠢ ᠲᠥᠷᠥᠭᠳᠡᠭᠦᠯᠥᠭᠰᠡᠨ ᠢᠶᠠᠷ ᠶᠠᠩᠵᠤ ᠪᠥᠷᠢ ᠶᠢᠨ ᠲᠥᠷᠰᠤ ᠲᠠᠢ ᠭᠡ ᠤᠭᠠᠯᠵᠠ᠂ ᠤᠷᠠᠯᠠᠯ ᠪᠥᠳᠥᠭᠡᠯ ᠢᠶᠠᠷ ᠠᠮᠢᠯᠠᠯ ᠤᠨ ᠭᠥᠴᠥᠨ᠂ ᠠᠮᠢᠵᠢᠷᠠᠯ ᠤᠨ ᠵᠤᠷᠢᠭ ᠢ ᠪᠡᠯᠭᠡᠳᠠᠨ ᠵᠥᠡᠭᠨᠡᠭᠰᠡᠨ ᠪᠠᠶᠢᠳᠠᠭ᠃
ᠪᠠᠶᠢᠭᠠᠯᠢ ᠶᠢᠨ ᠥᠵᠡᠭᠳᠡᠯ ᠤᠨ ᠲᠥᠷᠰᠤ ᠶᠢᠨ ᠪᠡᠯᠭᠡᠳᠠᠯ ᠨᠢ ᠡᠨᠡ ᠮᠠᠳᠤ ᠪᠠᠷ ᠪᠤᠰᠤᠳᠴᠢ ᠥᠵᠡᠭᠳᠠᠯ ᠠᠴᠠ ᠰᠠᠷᠡᠭᠳᠡᠭᠰᠡᠨ ᠰᠠᠳᠭᠢᠯᠭᠡ ᠪᠠᠨ ᠪᠤᠳᠠᠳᠤ ᠲᠥᠷᠰᠤ ᠳᠤ ᠪᠠᠶᠠᠵᠢᠭᠦᠯᠵᠥ᠂ ᠲᠡᠭᠦᠨ ᠢᠶᠠᠷ ᠲᠠᠮᠵᠢᠭᠤᠯᠤᠨ ᠠᠳᠠᠯᠢ ᠪᠤᠰᠤ ᠪᠡᠯᠭᠡᠳᠠᠯ ᠤᠳᠬ᠎ᠠ ᠶᠢ ᠢᠯᠠᠳᠭᠡᠭᠰᠡᠨ ᠪᠠᠶᠢᠨ᠎ᠠ᠃