ᠵᠤᠬᠢᠶᠠᠭᠴᠢ:
ᠴᠠᠭ:2019-08-08
ᠥᠵᠡᠭᠰᠡᠨ : ℃
ᠢᠷᠡᠯᠲᠡ:
ᠮᠠᠯ ᠰᠡᠳᠡᠷᠯᠡᠬᠦ ᠶᠣᠰᠣᠨ
ᠪᠠᠷᠭᠤᠴᠤᠳ ᠮᠠᠯ ᠢᠶᠠᠨ ᠲᠡᠭᠷᠢ ᠪᠣᠷᠬᠠᠨ ᠂ ᠭᠠᠯ ᠂ ᠠᠭᠤᠯᠠ ᠣᠪᠣᠭ᠎ᠠ ᠂ ᠣᠳᠣᠨ ᠳᠤ ᠰᠡᠲᠡᠷᠯᠡᠳᠡᠭ ᠳᠠᠳᠬᠠᠯ ᠲᠠᠢ ᠃
1.ᠲᠡᠭᠷᠢ ᠳᠦ ᠰᠡᠲᠡᠷᠯᠡᠬᠦ ᠃ ᠪᠠᠷᠭᠤᠴᠤᠳ ᠪᠠᠶᠠᠨ ᠨᠠᠮᠤᠷ ᠤᠨ ᠰᠡᠭᠦᠯᠴᠢ ᠪᠡᠷ ᠪᠣᠷᠬᠠᠨ ᠲᠠᠬᠢᠵᠤ ᠠᠪᠬᠤ ᠳᠦ ᠪᠡᠨ ᠮᠠᠯ ᠢᠶᠠᠨ ᠲᠡᠭᠷᠢ ᠳᠦ ᠰᠡᠲᠡᠷᠯᠡᠳᠡᠭ ᠃ ᠣᠷᠣᠢ ᠣᠳᠣ ᠲᠦᠭᠡᠬᠦ ᠦᠶ᠎ᠡ ᠳᠦ ᠬᠦᠷᠢᠶ᠎ᠡ ᠬᠠᠰᠢᠶ᠎ᠠ ᠪᠠᠨ ᠰᠠᠶᠢᠬᠠᠨ ᠴᠡᠪᠡᠷᠯᠡᠵᠦ ᠮᠠᠯ ᠢᠶᠠᠨ ᠪᠦᠬᠦᠨ ᠢ ᠬᠣᠲᠠᠯᠠᠭᠠᠳ ᠰᠠᠩ ᠣᠭᠣᠭᠢᠭᠤᠯᠤᠨ ᠷᠠᠰᠢᠶᠠᠯᠠᠨ᠎ᠠ ᠃ ᠡᠷᠦᠬᠡ ᠶᠢᠨ ᠡᠵᠡᠨ ᠨᠢ ᠵᠠᠰᠠᠯ ᠤᠨ ᠬᠣᠪᠴᠠᠰᠤ ᠪᠠᠨ ᠡᠮᠦᠰᠦᠨ ᠂ ᠭᠡᠷ ᠦᠨ ᠬᠦᠮᠦᠰ ᠢᠶᠡᠨ ᠳᠠᠭᠠᠭᠤᠯᠵᠤ ᠂ ᠭᠠᠯ ᠭᠣᠯᠣᠮᠲᠠ ᠪᠠᠨ ᠲᠠᠬᠢᠵᠤ ᠲᠠᠪᠤᠨ ᠬᠤᠰᠢᠭᠤ ᠮᠠᠯ ᠤᠨ ᠠᠪᠴᠤ ᠂ ᠪᠣᠶᠠᠨ ᠬᠡᠰᠢᠭ ᠢ ᠨᠢ ᠬᠣᠷᠣᠶᠢᠯᠠᠨᠠ ᠃ ᠰᠡᠲᠡᠷᠯᠡᠬᠦ ᠭᠡᠰᠡᠨ ᠮᠠᠯ ᠢᠶᠠᠨ ᠪᠠᠷᠢᠵᠤ ᠂ ᠰᠦ ᠠᠮᠰᠠᠭᠤᠯᠤᠨ ᠠᠪᠴᠤ ᠂ ᠲᠡᠭᠷᠢ ᠳᠦ ᠳᠠᠭᠠᠳᠬᠠᠨ ᠰᠡᠲᠡᠷ ᠵᠡᠭᠦᠯᠭᠡᠳᠡᠭ ᠃ ᠭᠡᠬᠦ ᠳᠡᠬᠡᠨ ᠰᠡᠲᠡᠷᠯᠡᠬᠦ ᠮᠠᠯ ᠤᠨ ᠨᠠᠰᠤ ᠵᠢᠯ ᠂ ᠤᠳᠤᠮ ᠤᠭᠰᠠᠭ᠎ᠠ ᠂ ᠠᠴᠢ ᠲᠤᠰᠠ ᠶᠢ ᠨᠢ ᠡᠷᠬᠡᠪᠰᠢ ᠲᠣᠭᠠᠴᠢᠬᠤ ᠬᠡᠷᠡᠭᠲᠡᠢ ᠪᠠᠢᠢᠳᠠᠭ᠃ ᠤᠤᠯ ᠨᠢ ᠰᠡᠲᠡᠷ ᠲᠠᠢ ᠪᠠᠶᠢᠭᠰᠠᠨ ᠪᠣᠯ ᠰᠡᠲᠡᠷ ᠢ ᠨᠢ ᠰᠢᠨᠡᠳᠭᠡᠳᠡᠭ ᠃
ᠰᠡᠲᠡᠷ ᠢ ᠲᠡᠮᠡᠭᠡᠨ ᠵᠣᠭᠳᠣᠷ ᠂ ᠠᠳᠤᠭᠤᠨ ᠤ ᠳᠡᠯ ᠪᠣᠶᠤ ᠬᠣᠨᠢᠨ ᠤ ᠨᠣᠣᠰᠣ ᠪᠠᠷ ᠲᠠᠮᠤᠭᠰᠠᠨ ᠨᠠᠷᠢᠨ ᠳᠡᠭᠡᠰᠦᠨ ᠳᠦ ᠲᠠᠪᠤᠨ ᠥᠩᠭᠡ ᠶᠢᠨ ᠪᠦᠰ ᠠᠯᠠᠭᠯᠠᠭᠤᠯᠤᠨ ᠰᠠᠶᠢᠬᠠᠨ ᠭᠡᠭᠴᠢ ᠤᠷᠠᠯᠠᠨ ᠣᠶᠤᠵᠤ ᠲᠣᠷᠭᠠᠨ ᠬᠠᠳᠠᠭ ᠵᠠᠩᠭᠢᠶᠠᠯᠠᠭᠰᠠᠨ ᠬᠦᠵᠦᠭᠦᠪᠴᠢ ᠪᠣᠯᠭᠠᠨ ᠬᠢᠳᠡᠭ ᠃ ᠡᠭᠦᠨ ᠢᠶᠡᠨ ᠬᠦᠵᠦᠭᠦᠨ ᠳᠦ ᠨᠢ ᠵᠡᠭᠦᠯᠭᠡᠳᠡᠭ ᠃ ᠲᠠᠪᠤᠨ ᠥᠩᠭᠡ ᠲᠠᠢ ᠰᠡᠲᠡᠷ ᠢ ᠡᠷᠬᠡ ᠴᠢᠯᠦᠭᠡᠨ ᠦ ᠬᠢᠨᠢ ᠪᠡᠯᠭᠡ ᠲᠡᠮᠳᠡᠭ ᠭᠡᠳᠡᠭ ᠃ ᠲᠡᠭᠷᠢ ᠳᠦ ᠲᠡᠮᠡᠭᠡ ᠢᠮᠠᠭ᠎ᠠ ᠶᠢ ᠰᠡᠲᠡᠷᠯᠡᠳᠡᠭ ᠦᠭᠡᠢ ᠃ ᠲᠡᠮᠡᠭᠡ ᠢᠮᠠᠭ᠎ᠠ ᠶᠢ ᠬᠦᠢᠲᠡᠨ ᠬᠤᠰᠢᠭᠤᠲᠤ ᠮᠠᠯ ᠭᠡᠳᠡᠭ ᠃
2.ᠭᠠᠯ ᠳᠤ ᠰᠡᠲᠡᠷᠯᠡᠬᠦ ᠃ ᠪᠠᠷᠭᠤᠴᠤᠳ ᠭᠠᠯ ᠢ ᠬᠠᠮᠤᠭ ᠤᠨ ᠠᠷᠢᠭᠤᠨ ᠴᠡᠪᠡᠷ ᠪᠥᠭᠡᠳ ᠥᠭᠡᠳᠡᠯᠡᠨ ᠮᠠᠨᠳᠤᠬᠤ ᠶᠢᠨ ᠦᠯᠵᠡᠢ ᠪᠡᠯᠭᠡᠳᠡᠯ ᠭᠡᠵᠦ ᠦᠵᠡᠳᠡᠭ ᠪᠣᠯᠬᠣᠷ ᠮᠠᠯ ᠢᠶᠠᠨ ᠭᠠᠯ ᠳᠤ ᠰᠡᠲᠡᠷᠯᠡᠳᠡᠭ ᠳᠠᠳᠬᠠᠯ ᠲᠠᠢ ᠃ ᠭᠠᠯ ᠢᠶᠠᠨ ᠳᠠᠬᠢᠨ ᠵᠢᠰᠠ ᠤᠩᠰᠢᠭᠤᠯᠵᠤ ᠂ ᠠᠪᠬᠤ ᠲᠡᠷᠡ ᠣᠷᠣᠢ ᠡᠷᠦᠬᠡ ᠶᠢᠨ ᠡᠵᠡᠨ ᠵᠠᠰᠠᠯ ᠤᠨ ᠬᠣᠪᠴᠠᠰᠤ ᠪᠠᠨ ᠡᠮᠦᠰᠴᠦ ᠂ ᠰᠡᠲᠡᠷᠯᠡᠬᠦ ᠮᠠᠯ ᠢᠶᠠᠨ ᠪᠠᠷᠢᠵᠤ ᠠᠪᠴᠢᠷᠠᠨ ᠂ ᠨᠣᠴᠣᠵᠤ ᠪᠠᠶᠢᠭ᠎ᠠ ᠭᠠᠯ ᠤᠨ ᠭᠡᠷᠡᠯ ᠳᠦ ᠰᠦ ᠠᠮᠰᠠᠭᠤᠯᠤᠨ ᠂ ᠥᠩᠭᠡ ᠵᠢᠰᠤᠮ ᠂ ᠨᠠᠰᠤ ᠵᠢᠯ ᠂ ᠤᠳᠤᠮ ᠤᠭᠰᠠᠭ᠎ᠠ ᠂ ᠠᠴᠢ ᠲᠤᠰᠠ ᠶᠢ ᠨᠢ ᠮᠠᠭᠲᠠᠨ ᠲᠣᠭᠠᠴᠢᠵᠤ ᠂ ᠭᠠᠯ ᠳᠤ ᠳᠠᠭᠠᠳᠬᠠᠨ ᠰᠡᠲᠡᠷ ᠵᠡᠭᠦᠯᠭᠡᠳᠡᠭ᠃ ᠤᠤᠯ ᠤᠨ ᠡᠵᠡᠳ ᠦᠨ ᠰᠢᠲᠦᠭᠡᠨ ᠪᠣᠶᠣ ᠦᠵᠡᠯᠲᠡ ᠠᠳᠠᠯᠢ ᠪᠣᠰᠤ ᠠᠴᠠ ᠪᠣᠯᠵᠤ ᠭᠠᠯ ᠳᠤ ᠰᠡᠲᠡᠷᠯᠡᠬᠦ ᠮᠠᠯ ᠤᠨ ᠥᠩᠭᠡ ᠵᠢᠰᠦᠮ ᠴᠤ ᠠᠳᠠᠯᠢ ᠦᠭᠡᠢ ᠪᠠᠶᠢᠳᠠᠭ ᠃ ᠠᠳᠤᠭᠤ ᠪᠣᠯ ᠬᠣᠸᠠ ᠵᠢᠰᠦᠮ ᠦᠨ ᠪᠠᠶᠢᠵᠤ ᠂ ᠬᠣᠨᠢ ᠪᠣᠯ ᠴᠡᠩᠬᠢᠷ ᠵᠢᠰᠦᠮ ᠦᠨ ᠪᠠᠶᠢᠵᠤ ᠂ ᠢᠮᠠᠭ᠎ᠠ ᠪᠣᠯ ᠤᠯᠠᠭᠠᠨ ᠵᠢᠰᠦᠮ ᠦᠨ ᠪᠠᠶᠢᠳᠠᠭ ᠃ ᠡᠭᠦᠨ ᠳᠦ ᠭᠠᠭᠴᠠᠬᠠᠨ ᠥᠩᠭᠡ ᠵᠢᠰᠦᠮ ᠢ ᠯᠠ ᠦᠵᠡᠳᠡᠭ ᠪᠢᠰᠢ ᠂ ᠤᠳᠤᠨ ᠤᠭᠰᠠᠭ᠎ᠠ ᠂ ᠦᠷ᠎ᠡ ᠲᠥᠯ ᠂ ᠡᠵᠡᠨ ᠳᠡᠬᠡᠨ ᠦᠵᠡᠭᠦᠯᠦᠭᠰᠡᠨ ᠠᠴᠢ ᠲᠤᠰᠠ ᠶᠢ ᠨᠢ ᠦᠵᠡᠵᠦ ᠂ ᠬᠠᠮᠤᠭ ᠤᠨ ᠬᠠᠶᠢᠷᠠᠲᠠᠢ ᠮᠠᠯ ᠢᠶᠠᠨ ᠰᠣᠩᠭᠣᠨ ᠰᠡᠲᠡᠷᠯᠡᠬᠦ ᠤᠴᠢᠷᠲᠠᠢ ᠃
3.ᠣᠳᠣᠨ ᠳᠤ ᠰᠡᠲᠡᠷᠯᠡᠬᠦ ᠃ ᠪᠠᠷᠭᠤᠴᠤᠳ ᠳᠣᠬᠢᠭᠤᠷ ᠲᠣᠯᠣᠭᠠᠨ ᠣᠳᠣ ᠶᠢ ᠲᠤᠩ ᠡᠷᠬᠢᠮᠯᠡᠨ ᠰᠢᠲᠦᠳᠡᠭ ᠡᠴᠡ ᠨᠠᠮᠤᠷ ᠤᠨ ᠠᠪᠬᠤ ᠦᠶ᠎ᠡ ᠳᠦ ᠵᠠᠷᠢᠮ ᠠᠶᠢᠯ ᠨᠢ ᠮᠠᠯ ᠢᠶᠠᠨ ᠣᠳᠣᠨ ᠳᠤ ᠰᠡᠲᠡᠷᠯᠡᠬᠦ ᠴᠤ ᠪᠠᠶᠢᠳᠠᠭ ᠃ ᠲᠡᠮᠡᠭᠡ ᠢᠮᠠᠭ᠎ᠠ ᠶᠢ ᠰᠡᠲᠡᠷᠯᠡᠳᠡᠭ ᠦᠭᠡᠢ ᠃ ᠣᠷᠣᠢ ᠣᠳᠣ ᠲᠦᠭᠡᠭᠦ ᠦᠶ᠎ᠡ ᠪᠡᠷ ᠮᠠᠯ ᠢᠶᠠᠨ ᠪᠦᠬᠦᠨ ᠢ ᠬᠣᠲᠠᠯᠠᠵᠤ ᠂ ᠰᠢᠷ᠎ᠠ ᠲᠣᠰᠣ ᠲᠠᠢ ᠪᠣᠯᠣᠭᠰᠠᠨ ᠭᠤᠯᠢᠷ ᠢᠶᠠᠷ ᠳᠣᠯᠣᠭᠠᠨ ᠲᠠᠬᠢᠯ ᠦᠢᠯᠡᠳᠴᠦ ᠂ ᠳᠣᠬᠢᠭᠤᠷ ᠳᠣᠯᠤᠭᠠᠨ ᠣᠳᠣᠨ ᠪᠠᠶᠢᠷᠢ ᠪᠠᠷ ᠵᠢᠭᠰᠠᠭᠠᠵᠤ ᠭᠡᠷ ᠲᠡᠬᠡᠨ ᠵᠤᠯᠠ ᠠᠰᠠᠭᠠᠨ᠎ᠠ ᠃ ᠡᠷᠦᠬᠡ ᠶᠢᠨ ᠡᠵᠡᠨ ᠰᠡᠲᠡᠷᠯᠡᠬᠦ ᠮᠠᠯ ᠢᠶᠠᠨ ᠪᠠᠷᠢᠵᠤ ᠠᠪᠴᠢᠷᠠᠨ ᠥᠩᠭᠡ ᠵᠢᠰᠦᠮ ᠤᠳᠤᠮ ᠤᠭᠰᠠᠭ᠎ᠠ ᠂ ᠠᠴᠢ ᠲᠤᠰᠠ ᠶᠢ ᠨᠢ ᠲᠣᠭᠠᠴᠢᠨ ᠂ ᠰᠦ ᠠᠮᠰᠠᠭᠤᠯᠤᠨ ᠢᠷᠦᠭᠡᠯ ᠤᠩᠰᠢᠵᠤ ᠰᠡᠲᠡᠷ ᠵᠡᠭᠦᠯᠭᠡᠨ ᠰᠦᠷᠦᠭ ᠲᠦ ᠨᠢ ᠪᠤᠴᠠᠭᠠᠨ᠎ᠠ ᠃
4.ᠠᠭᠤᠯᠠ ᠣᠪᠣᠭᠠᠨ ᠳᠤ ᠰᠡᠲᠡᠷᠯᠡᠬᠦ ᠃ ᠳᠡᠯᠭᠡᠷ ᠰᠠᠶᠢᠬᠠᠨ ᠵᠤᠨ ᠤ ᠤᠯᠠᠷᠢᠯ ᠳᠤ ᠪᠠᠷᠭᠤᠴᠤᠳ ᠠᠭᠤᠯᠠ ᠣᠪᠣᠭ᠎ᠠ ᠪᠠᠨ ᠲᠠᠬᠢᠨ ᠂ ᠨᠠᠶᠢᠷ ᠨᠠᠭᠠᠳᠤᠮ ᠬᠢᠵᠦ ᠂ ᠨᠤᠲᠤᠭ ᠤᠰᠤᠨ ᠤ ᠨᠠᠪᠳᠠᠭ ᠰᠠᠪᠳᠠᠭ ᠲᠤ ᠰᠦᠰᠦᠭ ᠪᠢᠰᠢᠷᠡᠯ ᠢᠶᠡᠨ ᠢᠯᠡᠳᠭᠡᠨ ᠂ ᠰᠠᠶᠢᠨ ᠰᠠᠶᠢᠬᠠᠨ ᠠᠮᠢᠳᠤᠷᠠᠯ ᠢᠶᠠᠨ ᠪᠡᠯᠭᠡᠳᠡᠨ ᠳᠠᠭᠠᠳᠬᠠᠳᠠᠭ ᠃ ᠮᠠᠯ ᠰᠡᠲᠡᠷᠯᠡᠬᠦ ᠳᠤ ᠪᠠᠨ ᠠᠭᠤᠯᠠ ᠣᠪᠣᠭ᠎ᠠ ᠲᠠᠬᠢᠬᠤ ᠡᠳᠦᠷ ᠰᠡᠲᠡᠷᠯᠡᠬᠦ ᠮᠠᠯ ᠢᠶᠠᠨ ᠠᠪᠠᠴᠢᠭᠠᠳ ᠣᠪᠣᠭᠠᠨ ᠳᠤ ᠮᠦᠷᠭᠦᠨ ᠳᠠᠭᠠᠳᠬᠠᠵᠤ ᠨᠣᠮ ᠤᠩᠰᠢᠨ ᠂ ᠥᠩᠭᠡ ᠵᠢᠰᠦᠮ ᠂ ᠨᠠᠰᠤ ᠵᠢᠯ ᠂ ᠤᠳᠤᠮ ᠤᠭᠰᠠᠭ᠎ᠠ ᠶᠢ ᠨᠢ ᠲᠣᠭᠠᠴᠢᠨ ᠂ ᠰᠦ ᠠᠮᠰᠠᠭᠤᠯᠤᠨ ᠰᠡᠲᠡᠷ ᠵᠡᠭᠦᠯᠭᠡᠨ᠎ᠡ ᠃ ᠠᠭᠤᠯᠠ ᠣᠪᠣᠭᠠᠨ ᠤ ᠴᠢᠯᠠᠭᠤ ᠶᠢ ᠰᠡᠲᠡᠷ ᠦᠨ ᠬᠠᠳᠠᠭ ᠲᠤ ᠵᠠᠩᠬᠢᠳᠤᠨ ᠂ ᠠᠳᠤᠭᠤ ᠮᠠᠯ ᠤᠨ ᠢᠶᠠᠨ ᠲᠥᠯᠵᠢᠬᠦ ᠶᠢ ᠰᠦᠵᠢᠭᠯᠡᠨ ᠪᠡᠯᠭᠡᠯᠡᠳᠡᠭ ᠃ ᠤᠤᠯ ᠨᠢ ᠰᠡᠲᠡᠷ ᠲᠠᠢ ᠪᠠᠶᠢᠭᠰᠠᠨ ᠮᠠᠯ ᠪᠣᠯ ᠰᠡᠲᠡᠷ ᠢ ᠨᠢ ᠰᠢᠨᠡᠳᠬᠡᠵᠦ ᠥᠭᠭᠦᠨ᠎ᠡ ᠃
5.ᠪᠤᠷᠬᠠᠨ ᠳᠤ ᠰᠡᠲᠡᠷᠯᠡᠬᠦ ᠃ ᠪᠤᠷᠬᠠᠨ ᠳᠤ ᠰᠡᠲᠡᠷᠯᠡᠬᠦ ᠪᠣᠯ ᠥᠪᠡᠷ ᠦᠨ ᠰᠢᠲᠦᠵᠦ ᠪᠠᠶᠢᠭ᠎ᠠ ᠪᠤᠷᠬᠠᠨ ᠳᠠᠭᠠᠨ ᠳᠠᠭᠠᠳᠬᠠᠨ ᠂ ᠮᠠᠯ ᠢᠶᠠᠨ ᠰᠡᠲᠡᠷᠯᠡᠬᠦ ᠶᠢ ᠵᠢᠭᠠᠵᠤ ᠪᠣᠢ ᠃ ᠡᠨᠡ ᠨᠢ ᠮᠠᠯ ᠰᠦᠷᠦᠭ ᠦᠨ ᠪᠤᠶᠠᠨ ᠬᠡᠰᠢᠭ ᠢ ᠳᠠᠭᠠᠳᠬᠠᠨ ᠵᠠᠯᠪᠠᠷᠢᠵᠤ ᠂ ᠪᠠᠶᠠᠨ ᠲᠠᠩᠰᠤᠭ ᠠᠮᠢᠳᠤᠷᠠᠯ ᠲᠠᠢ ᠠᠵᠤ ᠲᠦᠷᠦᠵᠦ ᠂ ᠠᠮᠤᠷ ᠵᠢᠷᠭᠠᠯ ᠲᠠᠢ ᠪᠠᠶᠢᠬᠤ ᠶᠢ ᠬᠦᠰᠡᠨ ᠪᠡᠯᠭᠡᠳᠡᠵᠦ ᠪᠠᠶᠢᠳᠠᠭ ᠤᠴᠢᠷᠲᠠᠢ ᠃ ᠪᠠᠷᠭᠤᠴᠤᠳ ᠤᠨ ᠮᠠᠯ ᠰᠡᠲᠡᠷᠯᠡᠬᠦ ᠨᠢ ᠪᠤᠷᠬᠠᠨ ᠰᠠᠬᠢᠭᠤᠯᠰᠤᠨ ᠳᠤ ᠳᠠᠭᠠᠳᠬᠠᠨ ᠰᠦᠵᠢᠷᠡᠬᠦ ᠣᠶᠣᠨ ᠤ ᠪᠡᠯᠭᠡᠳᠡᠯ ᠪᠠᠶᠢᠭᠰᠠᠨ ᠠᠴᠠ ᠪᠠᠨ ᠤᠯᠠᠮ ᠢᠶᠠᠷ ᠨᠢᠭᠡᠨ ᠨᠡᠶᠢᠲᠡ ᠶᠢᠨ ᠵᠠᠩ ᠦᠢᠯᠡ ᠪᠣᠯᠣᠨ ᠲᠡᠯᠡᠵᠡᠢ ᠃ ᠲᠡᠳᠡ ᠬᠣᠯᠠ ᠬᠠᠯᠵᠠᠨ ᠡᠯᠵᠢᠭᠡ ᠬᠦᠯᠦᠭᠯᠡᠭᠰᠡᠨ ᠯᠾᠠᠮᠦ ᠪᠣᠷᠬᠠᠨ ᠂ ᠬᠤᠶᠠᠭ ᠲᠤᠭᠤᠯᠭ᠎ᠠ ᠡᠮᠦᠰᠦᠭᠰᠡᠨ ᠬᠦᠷᠡᠯ ᠤᠯᠠᠭᠠᠨ ᠴᠢᠷᠠᠢ ᠲᠠᠢ ᠬᠦᠴᠦᠷᠬᠡᠭ ᠪᠠᠭᠠᠲᠤᠷ ᠤᠨ ᠳᠦᠷᠢ ᠪᠦᠬᠦᠢ ᠪᠤᠭᠲᠠ ᠠᠭᠤᠯᠠ ᠶᠢᠨ ᠰᠠᠬᠢᠭᠤᠯᠰᠤᠨ ᠂ ᠮᠦᠨ ᠮᠣᠷᠢᠨ ᠬᠦᠯᠦᠭ ᠲᠠᠢ ᠳ᠋ᠠᠯᠠᠾᠨ ᠪᠤᠷᠬᠠᠨ ᠢ ᠭᠣᠣᠯ ᠰᠢᠲᠦᠳᠡᠭ ᠲᠤᠯᠠ ᠮᠣᠷᠢ ᠶᠢ ᠰᠡᠲᠡᠷᠯᠡᠳᠡᠭ ᠦᠨ ᠤᠴᠢᠷ ᠡᠭᠦᠨ ᠳᠦ ᠳᠠᠪᠬᠤᠷ ᠣᠷᠣᠰᠢᠵᠤ ᠪᠣᠢ ᠃ ᠡᠷᠯᠢᠭ ᠬᠠᠭᠠᠨ ᠬᠥᠬᠡ ᠪᠤᠬ᠎ᠠ ᠬᠦᠯᠦᠭ ᠲᠠᠢ ᠲᠤᠯᠠ ᠦᠬᠡᠷ ᠰᠡᠲᠡᠷᠯᠡᠬᠦ ᠶᠢᠨ ᠤᠴᠢᠷ ᠮᠦᠨ ᠡᠭᠦᠨ ᠳᠦ ᠪᠣᠶᠣ ᠃